ᠢᠵᠠᠭᠤᠷ ᠮᠣᠩᠭᠤᠯ ᠤᠨ ᠠᠩᠬᠠᠨ ᠤ ᠲᠥᠷᠥ ᠣᠯᠣᠰ
ᠨᠡᠶᠢᠲᠡᠯᠡᠭᠰᠡᠨ ᠴᠠᠭ᠄
2019-05-28
               ᠢᠵᠠᠭᠤᠷ ᠮᠣᠩᠭᠤᠯ ᠤᠨ ᠠᠩᠬᠠᠨ ᠤ ᠲᠥᠷᠥ ᠣᠯᠣᠰ       12 ᠳ᠋ᠤᠭᠠᠷ ᠵᠠᠭᠤᠨ ᠤ ᠡᠬᠢᠨ ᠤ ᠦᠶ᠎ᠡ ᠪᠠᠷ ᠬᠠᠪᠤᠯ ᠬᠠᠭᠠᠨ ᠢᠵᠠᠭᠤᠷ ᠮᠤᠩᠭᠤᠯ ᠤᠨ ᠲᠥᠷᠥ— ᠮᠣᠩᠭᠤᠯ ᠣᠯᠣᠰ ᠢ ᠪᠠᠶᠢᠭᠤᠯᠵᠠᠢ᠃ ᠬᠠᠪᠤᠯ ᠬᠠᠭᠠᠨ ᠪᠣᠯ ᠨᠢᠷᠣᠭᠤᠨ ᠮᠣᠩᠭᠤᠯ ᠤᠨ ᠪᠣᠷᠵᠢᠬᠢᠨ ᠣᠪᠣᠭ ᠤᠨ ᠬᠦᠮᠦᠨ ᠮᠦᠨ᠂ ᠲᠡᠷᠡ ᠮᠣᠩᠭᠤᠯ ᠢ ᠪᠦᠮᠬᠦᠮᠳᠡᠬᠦᠯᠬᠦ ᠶᠢᠨ ᠲᠥᠯᠥᠭᠡ ᠢᠵᠠᠭᠤᠷᠯᠢᠭ ᠬᠢᠶᠠᠨ ᠣᠪᠣᠭ ᠢᠶᠠᠨ ᠰᠡᠷᠭᠦᠭᠡᠵᠦ᠂ ᠦᠪᠡᠷ ᠢ ᠪᠠᠨ ᠬᠢᠶᠠᠨ ᠣᠪᠤᠨᠨᠳᠡᠨ ᠭᠡᠬᠦ ᠪᠣᠯᠵᠠᠢ᠃ 12 ᠳ᠋ᠤᠭᠠᠷ ᠵᠠᠭᠤᠨ ᠤ ᠡᠬᠢᠨ᠎ᠡ᠂ ᠬᠠᠮᠤᠭ ᠮᠣᠩᠭᠤᠯ ᠬᠤᠷᠠᠵᠦ᠂ ᠬᠠᠪᠤᠯ ᠢ ᠬᠠᠮᠤᠭ ᠮᠤᠩᠭᠤᠯ ᠤᠨ ᠬᠠᠭᠠᠨ ᠪᠣᠯᠭᠠᠪᠠ᠃ ᠮᠣᠩᠭᠤᠯ ᠣᠯᠣᠰ ᠤᠨ ᠨᠣᠳᠤᠭ ᠲᠡᠪᠢᠰᠭᠡᠷ ᠲᠤ ᠬᠠᠩᠭᠠᠢ ᠠᠭᠤᠯᠠ ᠶᠢᠨ ᠬᠤᠶᠡᠷ ᠨᠢᠷᠣᠭᠤ᠂ ᠣᠷᠬᠤᠨ ᠭᠤᠣᠯ᠂ ᠣᠨᠣᠨ ᠮᠦᠷᠡᠨ᠂ ᠲᠤᠤᠯᠠ ᠭᠤᠣᠯ ᠤᠨ ᠰᠠᠪᠠ ᠭᠠᠵᠡᠷ ᠪᠠ ᠪᠣᠷᠬᠠᠨ ᠬᠠᠯᠳᠤᠨ ᠠᠭᠤᠯᠠ ᠶᠢ ᠪᠠᠭᠳᠠᠭᠠᠨᠨᠰᠠᠨ ᠦᠷᠭᠡᠨ ᠠᠭᠤᠳᠡᠮ ᠭᠠᠵᠡᠷ ᠣᠷᠣᠨ ᠪᠠᠭᠳ᠋ᠬᠠᠳᠠᠵᠦ ᠪᠠᠶᠢᠵᠠᠢ᠃ ᠡᠳᠡᠭᠡᠷ ᠣᠷᠣᠨ ᠨᠣᠳᠤᠭ ᠢᠶᠠᠨ ᠵᠡᠬᠦᠨ᠂ ᠪᠠᠷᠠᠭᠤᠨ᠂ ᠭᠤᠣᠯ ᠤᠨ ᠭᠡᠵᠦ ᠭᠤᠷᠪᠠᠨ ᠵᠢᠭᠦᠷ ᠬᠤᠪᠢᠶᠠᠪᠠ᠂ ᠡᠨᠡ ᠨᠢ ᠴᠡᠷᠢᠭ ᠤᠨ ᠵᠣᠬᠢᠶᠠᠨ ᠪᠠᠶᠢᠭᠤᠯᠣᠯᠳᠡ ᠮᠦᠷᠳᠡᠭᠡᠨ ᠪᠠᠰᠠ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠣᠯᠳᠡ ᠪᠣᠯᠣᠨ᠎ᠠ᠃ ᠬᠠᠭᠠᠨ ᠤ ᠪᠠᠶᠢᠩᠭᠤ ᠶᠢᠨ ᠴᠡᠷᠢᠭ ᠢ ᠲᠣᠷᠬᠠᠭ ᠭᠡᠳᠡᠭ᠃ ᠲᠣᠷᠬᠠᠨᠨᠴᠣᠳ ᠤᠨ ᠡᠭᠦᠷᠭᠡ ᠨᠢ ᠶᠡᠷᠦ ᠶᠢᠨ ᠦᠶ᠎ᠡ ᠳᠤ ᠬᠠᠭᠠᠨ ᠢ ᠬᠠᠮᠠᠭᠠᠯᠠᠵᠦ᠂ ᠲᠠᠶᠢᠨ ᠪᠠᠶᠢᠯᠳᠣᠭᠠᠨ ᠤ ᠦᠶ᠎ᠡ ᠳᠤ ᠬᠠᠭᠠᠨ ᠢ ᠲᠠᠭᠠᠵᠦ ᠠᠶᠠᠨ ᠲᠠᠶᠢᠨ ᠳᠤ ᠮᠣᠷᠳᠡᠨ᠎ᠡ᠃ ᠬᠠᠭᠠᠨ ᠨᠢ ᠡᠯ᠎ᠡ ᠠᠶᠢᠮᠠᠭ ᠤᠨ ᠠᠷᠡᠳ ᠢᠷᠭᠡᠳ ᠠᠴᠠ ᠭᠤᠪᠴᠢᠭᠤᠷ ᠭᠤᠪᠴᠢᠬᠤ ︵ᠭᠠᠶᠢᠯᠢ ᠭᠤᠪᠴᠢᠭᠤᠷ ᠠᠪᠬᠤ︶ ᠪᠠ ᠴᠡᠷᠢᠭ ᠲᠠᠩᠳᠠᠬᠤ ᠡᠷᠬᠡ ᠲᠠᠢ ᠪᠠᠶᠢᠳᠠᠭ᠃        ᠮᠣᠩᠭᠤᠯ ᠣᠯᠣᠰ ᠤᠨ ᠨᠣᠶᠠᠷᠬᠠᠨᠨᠴᠢ ᠠᠩᠭᠢ ᠪᠣᠯ ᠬᠠᠭᠤᠴᠢᠨ ᠤ ᠠᠶᠢᠮᠠᠭ ᠤᠨ ᠠᠬᠠᠮᠠᠳ ᠢᠶᠠᠷ ᠪᠦᠷᠢᠯᠳᠦᠭᠰᠡᠨ ᠪᠣᠭᠤᠯ ᠤᠨ ᠡᠵᠡᠨ ᠢᠵᠠᠭᠤᠷᠳᠡᠨ ᠠᠩᠭᠢ ᠮᠦᠨ᠃ ᠲᠡᠳᠡ ᠲᠠᠶᠢᠨ ᠪᠠᠶᠢᠯᠳᠣᠭᠠᠨ ᠳᠤ ᠣᠯᠵᠠᠯᠬᠠᠳ᠋ᠬᠠᠰᠡᠳ ᠢ ᠪᠣᠭᠤᠯ ᠪᠣᠯᠭᠠᠵᠦ ᠭᠡᠷ ᠵᠠᠭᠤᠷ᠎ᠡ ᠪᠠᠨ ᠵᠠᠷᠣᠴᠠᠯᠠᠳᠠᠭ᠃        ᠮᠣᠩᠭᠤᠯ ᠳᠤ ᠪᠣᠭᠤᠯ ᠢ ᠠᠷᠠᠯᠵᠢᠶᠠᠯᠠᠬᠤ ᠶᠠᠪᠣᠳᠡᠯ ᠬᠦᠭᠵᠢᠭᠰᠡᠨ ᠦᠭᠡᠢ ᠲᠤᠯᠠ ᠪᠣᠭᠤᠯ ᠤᠨ ᠢᠷᠡᠯᠳᠡ ᠪᠣᠯᠬᠤ ᠲᠠᠶᠢᠨ ᠤ ᠣᠯᠵᠠᠯᠬᠠᠳ᠋ᠬᠠᠰᠠᠳ ᠢ ᠴᠦᠮ ᠠᠶᠢᠮᠠᠭ ᠤᠨ ᠠᠬᠠᠮᠠᠳ ᠢᠶᠠᠷ ᠪᠦᠷᠢᠯᠳᠦᠭᠰᠡᠨ ᠪᠣᠭᠤᠯ ᠤᠨ ᠡᠵᠡᠨ ᠢᠵᠠᠭᠤᠷᠳᠡᠨ ᠠᠩᠭᠢ ᠭᠠᠭᠴᠠᠭᠠᠷ ᠡᠵᠡᠮᠰᠢᠨ᠂ ᠲᠡᠳᠡ ᠬᠠᠭᠤᠴᠢᠨ ᠢ ᠪᠠᠷᠢᠮᠳᠡᠯᠬᠠᠰᠠᠨ ᠪᠣᠭᠤᠯ ᠤᠨ ᠡᠵᠡᠨ ᠢᠵᠠᠭᠤᠷᠳᠡᠨ ᠠᠩᠭᠢ ᠪᠣᠯᠵᠠᠢ᠃ ᠣᠪᠣᠭ ᠤᠨ ᠪᠠᠶᠢᠭᠤᠯᠣᠯ ᠤᠨ ᠦᠯᠡᠳᠡᠭᠳᠡᠯ᠂ ᠵᠢᠱᠢᠶᠡᠯᠡᠪᠡᠯ ᠠᠶᠢᠮᠠᠭ ᠨᠡᠶᠢᠲᠡ ᠪᠠᠷ ᠢᠶᠠᠨ ᠨᠣᠳᠤᠭ ᠪᠡᠯᠴᠢᠭᠡᠷ ᠢ ᠠᠰᠢᠨᠨᠯᠠᠬᠤ᠂ ᠣᠪᠣᠭ ᠤᠨ ᠭᠡᠰᠢᠭᠦᠳ ᠲᠡᠭᠡᠨ ᠦᠰᠢᠶ᠎ᠡ ᠠᠪᠴᠦ ᠥᠭᠬᠦ᠂ ᠣᠪᠣᠭ ᠨᠡᠶᠢᠲᠡ ᠪᠠᠷ ᠢᠶᠠᠨ ᠲᠡᠭᠡᠳᠦᠰ ᠢᠶᠠᠨ ᠲᠠᠬᠢᠬᠤ ᠮᠡᠲᠦ ᠶᠢᠨ ᠣᠪᠣᠭ ᠤᠨ ᠪᠠᠶᠢᠭᠤᠯᠣᠯ ᠤᠨ ᠦᠯᠡᠳᠡᠭᠳᠡᠯ ᠬᠠᠳᠠᠭᠠᠯᠬᠠᠳ᠋ᠬᠠᠰᠠᠭᠠᠷ ᠪᠠᠶᠢᠪᠠ᠃ ᠭᠡᠪᠡᠴᠦ ᠣᠪᠣᠭ ᠤᠨ ᠭᠡᠰᠢᠬᠦᠳ ᠤᠨ ᠬᠤᠭᠤᠷᠣᠨᠳᠣᠬᠢ ᠡᠷᠬᠡ ᠲᠡᠭᠰᠢ ᠪᠠᠶᠢᠳᠡᠯ ᠨᠢᠭᠡᠨᠳᠡ ᠦᠭᠡᠢ ᠪᠣᠯᠪᠠ᠃        ᠣᠪᠣᠭ ᠤᠨ ᠶᠡᠷᠦ ᠶᠢᠨ ᠭᠡᠰᠢᠬᠦᠨ ᠢ ᠬᠠᠷᠠᠴᠦ ᠢᠷᠭᠡᠨ ᠭᠡᠨ᠎ᠡ᠃ ᠬᠠᠷᠠᠴᠦ ᠢᠷᠭᠡᠨ ᠨᠡᠶᠢᠭᠡᠮ ᠤᠨ ᠬᠦᠮᠦᠨ ᠠᠮᠠ ᠶᠢᠨ ᠳᠡᠶᠢᠯᠦᠩᠭᠢ ᠲᠤᠭ᠎ᠠ ᠶᠢ ᠡᠵᠡᠯᠡᠵᠦ ᠪᠠᠶᠢᠵᠠᠢ᠃ ᠲᠡᠳᠡ ᠦᠪᠡᠷ ᠤᠨ ᠵᠢᠵᠢᠭ ᠠᠵᠦ ᠠᠬᠤᠢ ᠲᠠᠢ᠂ ᠴᠡᠷᠢᠭ ᠤᠨ ᠠᠯᠪᠠ ᠬᠠᠭᠠᠬᠤ᠂ ᠭᠤᠪᠴᠢᠭᠤᠷ ᠲᠣᠰᠢᠶᠠᠬᠤ ᠡᠬᠦᠷᠭᠡ ᠲᠠᠢ ᠠᠴᠠ ᠪᠢᠰᠢ᠂ ᠬᠤᠷᠡᠯᠳᠡᠢ ᠳᠤ ᠣᠷᠣᠯᠴᠠᠵᠦ ᠂ ᠲᠥᠷᠥ ᠶᠢᠨ ᠬᠡᠷᠡᠭ ᠢ ᠰᠢᠢᠳᠪᠦᠷᠢᠯᠡᠬᠦ ᠬᠡᠷᠡᠭ ᠦᠭᠡᠢ᠃       12 ᠳ᠋ᠤᠭᠠᠷ ᠵᠠᠭᠤᠨ ᠤ ᠡᠬᠢᠨ ᠤ ᠦᠶ᠎ᠡ ᠳᠤ ᠪᠠᠶᠢᠭᠤᠯᠣᠨᠨᠳ᠋ᠬᠠᠰᠠᠨ ᠮᠣᠩᠭᠤᠯ ᠣᠯᠣᠰ ᠪᠣᠯ ᠣᠪᠣᠭ ᠤᠨ ᠨᠡᠶᠢᠭᠡᠮ ᠤᠨ ᠦᠯᠡᠳᠡᠴᠡ ᠪᠦᠬᠦᠢ ᠰᠠᠭᠤᠷᠢᠨ ᠲᠡᠭᠡᠷ᠎ᠡ ᠪᠠᠶᠢᠭᠤᠯᠣᠨᠨᠳ᠋ᠬᠠᠰᠠᠨ ᠠᠩᠬᠠᠨ ᠤ ᠱᠠᠳᠤᠨ ᠤ ᠪᠣᠭᠤᠯᠲᠦ ᠪᠠᠶᠢᠭᠤᠯᠤᠯ ᠤᠨ ᠲᠥᠷᠥ ᠮᠦᠨ᠃                    ᠢᠷᠡᠯᠳᠡ᠄  ᠬᠦᠬᠡᠬᠤᠳᠡ ᠶᠢᠨ ᠠᠷᠡᠳ ᠤᠨ ᠵᠠᠰᠠᠭ ᠤᠨ ᠣᠷᠳᠤᠨ                    ᠪᠡᠯᠡᠳᠭᠡᠭᠰᠡᠨ ᠨᠢ᠄  ᠭᠧ ᠲᠣᠸᠠᠨ ᠯᠢᠶᠡᠨ
 
ᠢᠷᠡᠯᠲᠡ᠄ ᠬᠦᠬᠡᠬᠤᠳᠡ ᠶᠢᠨ ᠠᠷᠡᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号