ᠬᠦᠢᠳᠡᠨ ᠰᠢᠯᠢ ᠶᠢᠨ ᠲᠠᠯ᠎ᠠ ᠨᠣᠳᠤᠭ ᠤᠨ ᠣᠪᠣᠭᠠᠨ ᠨᠠᠶᠢᠷ ᠬᠦᠷᠦᠭᠡᠳ ᠢᠷᠡᠯ᠎ᠡ
ᠨᠡᠶᠢᠲᠡᠯᠡᠭᠰᠡᠨ ᠴᠠᠭ᠄
2019-06-12
         ᠬᠦᠢᠳᠡᠨ ᠰᠢᠯᠢ ᠶᠢᠨ ᠲᠠᠯ᠎ᠠ ᠨᠣᠳᠤᠭ ᠤᠨ ᠣᠪᠣᠭᠠᠨ ᠨᠠᠶᠢᠷ ᠤᠨ ᠤᠷᠢᠯᠭ᠎ᠠ :          ᠬᠦᠳᠡᠯᠭᠡᠭᠡᠨ ᠤ ᠭᠤᠣᠯ ᠰᠡᠳᠣᠪ᠄ ᠬᠦᠢᠳᠡᠨ ᠰᠢᠯᠢ ᠶᠢ ᠢᠷᠦᠬᠡᠨ ᠲᠠᠭᠠᠳᠬᠠᠵᠦ᠂ ᠲᠠᠯ᠎ᠠ ᠨᠣᠳᠤᠭ ᠤᠨ ᠰᠣᠶᠣᠯ ᠢ ᠣᠯᠡᠮᠵᠢᠯᠡᠨ ᠣᠬᠠᠭᠤᠯᠬᠤ          ᠬᠦᠳᠡᠯᠭᠡᠭᠡᠨ ᠤ ᠴᠠᠭ᠄ 2019 ᠣᠨ ᠤ 6 ᠰᠠᠷ᠎ᠡ ᠶᠢᠨ 15 ᠤ ᠡᠳᠣᠷ ︵ ᠪᠢᠯᠢᠭ ᠤᠨ ᠣᠯᠠᠷᠢᠯ ᠤᠨ 5 ᠰᠠᠷ᠎ᠡ ᠶᠢᠨ 13︶          ᠬᠦᠳᠡᠯᠭᠡᠭᠡᠨ ᠤ ᠭᠠᠵᠡᠷ᠄  ᠬᠦᠢᠳᠡᠨ ᠰᠢᠯᠢ ᠶᠢᠨ ᠲᠠᠯ᠎ᠠ ᠨᠣᠳᠤᠭ ᠤᠨ ᠵᠢᠭᠤᠯᠴᠢᠯᠠᠯ ᠤᠨ ᠣᠷᠣᠨ ︵ ᠬᠤᠩᠬᠤᠷ          ᠣᠪᠣᠭᠠᠨ ᠲᠠᠬᠢᠯᠭ᠎ᠠ        

       ᠣᠪᠣᠭᠠᠨ ᠲᠠᠬᠢᠯᠭ᠎ᠠ ᠪᠣᠯ ᠮᠣᠩᠭᠤᠯ ᠦᠨᠳᠣᠰᠣᠳᠡᠨ ᠤ ᠦᠪᠡᠳᠡᠭᠰᠢ ᠶᠡᠭᠡ ᠳᠠᠬᠢᠯᠭ᠎ᠠ ᠶᠢᠨ ᠨᠢᠭᠡ ᠪᠣᠯᠬᠤ ᠪᠥᠭᠡᠳ

ᠮᠣᠩᠭᠤᠯᠴᠤᠳ ᠤᠨ ᠡᠭᠦᠰᠦᠯ ᠤᠨ ᠣᠷᠣᠨ ᠪᠣᠯᠬᠤ ᠡᠷᠭᠦᠨ᠎ᠡ ᠠᠭᠤᠯᠠ ᠰᠢᠭᠤᠶ ᠶᠢ ᠳᠤᠷᠠᠰᠬᠠᠬᠤ ᠶᠢᠨ ᠲᠥᠯᠥᠭᠡ ᠪᠤᠢ

ᠪᠣᠯᠤᠭᠰᠠᠨ ᠶᠤᠮ᠃ ᠦᠪᠡᠷ ᠤᠨ ᠡᠪᠦᠭᠡ ᠲᠡᠭᠡᠳᠣᠰ ᠤᠨ ᠨᠤᠲᠤᠭ ᠢᠶᠠᠨ ᠮᠥᠷᠥᠭᠡᠳᠦᠨ ᠰᠠᠨᠠᠭᠠᠯᠵᠠᠬᠤ ᠪᠠ ᠡᠪᠦᠭᠡ

ᠳᠡᠭᠡᠳᠦᠰ ᠢᠶᠠᠨ ᠬᠢᠵᠠᠭᠠᠯᠠᠰᠢ ᠦᠭᠡᠢ ᠪᠢᠰᠢᠷᠡᠨ ᠬᠦᠨᠳᠦᠳᠬᠡᠬᠦ ᠰᠡᠳᠬᠢᠯᠭᠡ ᠪᠠᠨ ᠢᠯᠡᠳᠬᠡᠭᠰᠡᠨ  ᠪᠠᠶᠢᠨ᠎ᠠ᠃

         ᠲᠠᠬᠢᠯᠭ᠎ᠠ ᠶᠢᠨ ᠶᠠᠪᠤᠴᠠ᠄

        1 . ᠲᠠᠬᠢᠯᠭ᠎ᠠ ᠡᠬᠢᠯᠡᠬᠦ ᠠᠴᠠ ᠡᠮᠦᠨ᠎ᠡ ᠣᠪᠣᠭ᠎ᠠ ᠶᠢ ᠰᠡᠯᠪᠢᠨ ᠵᠠᠰᠠᠵᠤ ᠴᠢᠮᠡᠭᠯᠡᠨ᠎ᠡ᠃

        2. ᠳᠠᠬᠢᠯᠭ᠎ᠠ ᠶᠢᠨ ᠡᠳ᠋  ᠲᠠᠯᠪᠢᠨ᠎ᠠ᠃

        3.  ᠮᠥᠩᠬᠡ ᠵᠤᠯᠠ ᠠᠰᠠᠭᠠᠨ᠎ᠠ᠃

        4 . ᠣᠪᠣᠭᠠᠨ ᠡᠷᠬᠢᠯᠡᠭᠴᠢ ᠠᠴᠠ ᠮᠣᠩᠭᠤᠯ ᠪᠥᠬᠡ ᠶᠢ ᠣᠷᠢᠵᠦ ᠪᠠᠶᠠᠷ ᠤᠨ ᠦᠭᠡ ᠵᠢᠴᠢ ᠣᠪᠣᠭᠠᠨ ᠰᠤᠳᠤᠷ

ᠣᠩᠰᠢᠭᠤᠯᠤᠨ᠎ᠠ ᠃

        5. ᠭᠤᠣᠯ ᠳᠠᠬᠢᠯᠭ᠎ᠠ ᠶᠢᠨ ᠬᠥᠮᠦᠰ ᠣᠪᠣᠭᠠᠨ ᠤ ᠡᠯ᠎ᠡ ᠴᠢᠭᠯᠡᠯ ᠠᠴᠠ ᠲᠩᠷᠢ ᠭᠠᠵᠠᠷ ᠲᠤ ᠡᠷᠭᠦᠴᠡ ᠡᠷᠭᠦᠳᠡᠭ᠃

        6 . ᠣᠪᠣᠭᠠᠨ ᠤ ᠬᠥᠲᠥᠯᠥᠭᠴᠢ ᠪᠤᠰᠤᠳ ᠬᠥᠮᠦᠰ ᠢ ᠳᠠᠭᠠᠭᠤᠯᠤᠨ ᠣᠪᠣᠭ᠎ᠠ ᠲᠠᠬᠢᠨ᠎ᠠ  ᠃

       ᠡᠷ᠎ᠡ ᠶᠢᠨ ᠭᠤᠷᠪᠠᠨ ᠨᠠᠭᠠᠳᠣᠮ᠄    

     

           ᠪᠦᠬᠡ ᠪᠠᠷᠢᠯᠳᠣᠬᠤ

 

        ᠨᠣᠮᠤ ᠰᠣᠮᠣ ᠬᠠᠷᠪᠣᠬᠤ

        ᠮᠣᠷᠢ ᠣᠷᠣᠯᠳᠣᠬᠤ

                    ᠬᠠᠷᠢᠭᠤᠴᠬᠠᠰᠠᠨ ᠨᠠᠶᠢᠷᠠᠭᠤᠯᠣᠨᠨᠴᠢ᠄ ᠭᠧ ᠲᠣᠸᠠᠨ ᠯᠢᠶᠡᠨ

 
ᠢᠷᠡᠯᠲᠡ᠄ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ ᠰᠢᠨ᠎ᠡ ᠴᠠᠭ ᠥᠶ᠎ᠡ ᠶᠢᠨ ᠪᠣᠯᠪᠠᠰᠣᠨ ᠤ ᠦᠢᠯᠡᠳᠣᠯᠭᠡ ᠶᠢᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号