ᠠᠯᠳᠠᠷᠳᠣ ᠮᠣᠷᠢᠨ ᠬᠤᠭᠤᠷᠴᠢᠨ ᠬᠦᠭᠵᠢᠮ ᠤᠨ ᠵᠣᠬᠢᠶᠠᠯᠴᠢ ᠷᠠᠰᠢᠭ᠍ᠸᠡ
ᠨᠡᠶᠢᠲᠡᠯᠡᠭᠰᠡᠨ ᠴᠠᠭ᠄
2019-06-12
     ᠠᠯᠳᠠᠷᠳᠣ ᠮᠣᠷᠢᠨ ᠬᠤᠭᠤᠷᠴᠢᠨ ᠬᠦᠭᠵᠢᠮ ᠤᠨ ᠵᠣᠬᠢᠶᠠᠯᠴᠢ ᠷᠠᠰᠢᠭ᠍ᠸᠡ       ᠠᠯᠳᠠᠷᠳᠣ ᠮᠣᠷᠢᠨ ᠬᠤᠭᠤᠷᠴᠢᠨ ᠬᠦᠭᠵᠢᠮ ᠤᠨ ᠵᠣᠬᠢᠶᠠᠯᠴᠢ ᠷᠠᠰᠢᠭ᠍ᠸᠡ 1944 ᠣᠨ ᠳᠤ ᠥᠪᠥᠷ ᠮᠣᠩᠭᠤᠯ ᠤᠨ ᠤᠯᠠᠭᠠᠨᠴᠠᠪ ᠬᠤᠲᠠ ᠶᠢᠨ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠬᠦᠷᠢᠶ᠎ᠡ ᠰᠣᠮᠣᠨ ᠳᠤ ᠲᠥᠷᠥᠵᠡᠢ᠃ 2004 ᠣᠨ ᠳᠤ ᠤᠯᠠᠭᠠᠨᠴᠠᠪ ᠬᠤᠲᠠ ᠶᠢᠨ ᠳᠠᠭᠤᠤ ᠪᠥᠵᠢᠭ ᠤᠨ ᠪᠦᠯᠬᠦᠮ ᠠᠴᠠ ᠠᠵᠢᠯ ᠠᠴᠠ ᠪᠠᠨ ᠠᠮᠠᠷᠠᠪᠠ᠃ ᠨᠠᠰᠤᠨ ᠤ ᠠᠮᠠᠷᠠᠯᠲᠠ ᠠᠪᠤᠭᠰᠠᠨ ᠤ ᠳᠠᠷᠠᠭ᠎ᠠ ᠲᠡᠷᠡ ᠵᠣᠬᠢᠶᠠᠨ ᠪᠦᠲᠦᠭᠡᠬᠦ ᠠᠵᠢᠯ ᠢ ᠪᠠᠷᠢᠮᠲᠠᠯᠠᠨ ᠬᠢᠵᠦ᠂ ᠰᠢᠯᠢᠳᠡᠭ ᠪᠦᠲᠦᠭᠡᠯ ᠨᠢ ᠲᠠᠰᠤᠷᠠᠭ᠎ᠠ ᠦᠭᠡᠢ ᠪᠠᠶᠢᠪᠠ᠃ ᠷᠠᠰᠢᠭ᠍ᠸᠡ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠯᠳᠠᠷᠲᠤ ᠬᠥᠭᠵᠢᠮ ᠤᠨ ᠵᠣᠬᠢᠶᠠᠯᠴᠢ᠂ ᠥᠪᠥᠷ ᠮᠣᠩᠭᠤᠯ ᠤᠨ ᠳᠠᠭᠤᠤ ᠬᠦᠭᠵᠢᠮ ᠤᠨ ᠨᠡᠶᠢᠭᠡᠮᠯᠢᠭ ᠤᠨ ᠬᠡᠷᠡᠭ ᠡᠷᠬᠢᠯᠡᠭᠴᠢ᠂ ᠥᠪᠥᠷ ᠮᠣᠩᠭᠤᠯ ᠤᠨ ᠲᠠᠭᠤᠤ ᠣᠷᠠᠯᠢᠭ ᠨᠡᠶᠢᠭᠡᠮᠯᠢᠭ ᠤᠨ ᠭᠡᠰᠢᠭᠦᠨ᠂ ᠳᠤᠮᠳᠠᠳᠤ ᠤᠯᠤᠰ ᠤᠨ ᠤᠮᠠᠷᠠᠲᠤ ᠶᠢᠨ ᠴᠥᠭᠡᠨ ᠲᠣᠭᠠᠲᠤ ᠦᠨᠳᠦᠰᠦᠲᠡᠨ ᠤ ᠳᠠᠭᠤᠤ ᠬᠥᠭᠵᠢᠮ ᠤᠨ ᠰᠤᠳᠤᠯᠭᠠᠨ ᠤ ᠨᠡᠶᠢᠭᠡᠮᠯᠢᠭ ᠤᠨ ᠪᠠᠶᠢᠩᠭᠤ ᠶᠢᠨ ᠬᠡᠷᠡᠭ ᠡᠷᠬᠢᠯᠡᠭᠴᠢ᠂ ᠳᠤᠮᠳᠠᠳᠤ ᠤᠯᠤᠰ ᠤᠨ ᠮᠣᠷᠢᠨ ᠬᠤᠭᠤᠷ ᠤᠨ ᠨᠡᠶᠢᠭᠡᠮᠯᠢᠭ ᠤᠨ ᠳᠡᠳ᠋ ᠳᠠᠷᠤᠭ᠎ᠠ ᠵᠡᠷᠭᠡ ᠠᠵᠢᠯ ᠬᠢᠵᠦ ᠪᠠᠶᠢᠵᠠᠢ᠃ ᠷᠠᠰᠢᠭ᠍ᠸᠡ ᠪᠣᠯ ᠬᠥᠭᠵᠢᠮ ᠤᠨ ᠵᠣᠬᠢᠶᠠᠯᠴᠢ᠂ ᠮᠣᠷᠢᠨ ᠬᠤᠭᠤᠷ ᠤᠨ ᠬᠥᠭᠵᠢᠮᠴᠢᠨ ᠲᠡᠳᠦᠶ ᠦᠭᠡᠢ᠂ ᠨᠠᠩ ᠴᠤ ᠳᠠᠭᠤᠤ ᠬᠥᠭᠵᠢᠮ ᠤᠨ ᠰᠤᠷᠭᠠᠨ ᠬᠥᠮᠦᠵᠢᠭᠦᠯᠦᠭᠴᠢ ᠶᠤᠮ᠂ ᠲᠡᠷᠡ 50 ᠭᠠᠷᠤᠶ ᠵᠢᠯ ᠤᠨ ᠬᠥᠭᠵᠢᠮᠳᠡᠬᠦ ᠲᠤᠷᠰᠢᠯᠭ᠎ᠠ ᠪᠠᠨ ᠳ᠋ᠦᠩᠨᠡᠭᠰᠡᠨ ᠪᠥᠭᠡᠳ ᠥᠷᠥᠨᠡᠳᠠᠬᠢᠨ ᠤ ᠬᠦᠪᠴᠢᠳᠦ ᠬᠥᠭᠵᠢᠮᠳᠡᠭᠦᠷ ᠤᠨ ᠡᠯ᠎ᠡ ᠵᠦᠢᠯ ᠤᠨ ᠤᠷ᠎ᠠ ᠮᠡᠷᠭᠡᠵᠢᠯ ᠢ ᠰᠢᠩᠭᠡᠭᠡᠨ ᠠᠪᠴᠤ᠂ ᠨᠢᠭᠡ ᠪᠦᠯᠦᠭ ᠵᠠᠯᠠᠭᠤ ᠮᠣᠷᠢᠨ ᠬᠤᠭᠤᠷᠴᠢᠳ ᠢ ᠬᠥᠮᠦᠵᠢᠭᠦᠯᠦᠨ ᠭᠠᠷᠭᠠᠵᠤ᠂ ︽ᠮᠣᠷᠢᠨ ᠬᠤᠭᠤᠷ ᠤᠨ ᠪᠣᠯᠪᠠᠰᠣᠷᠠᠬᠤ ᠬᠥᠭᠵᠢᠮ︾ ᠤᠨ ᠵᠢᠭᠠᠯᠲᠠ ᠶᠢᠨ ᠨᠣᠮ ᠢ ᠨᠠᠢᠷᠠᠭᠤᠯᠤᠨ ᠬᠡᠪᠯᠡᠭᠦᠯᠵᠡᠶ᠃ ᠤᠯᠠᠭᠠᠨᠴᠠᠪ ᠬᠤᠲᠠ ᠶᠢᠨ ᠦᠨᠳᠦᠰᠦᠲᠡᠨ ᠤ ᠤᠷᠠᠯᠢᠭ ᠤᠨ ᠰᠤᠷᠭᠠᠭᠤᠯᠢ ᠶᠢᠨ ᠤᠷᠢᠯᠭ᠎ᠠ ᠪᠠᠷ ᠮᠣᠷᠢᠨ ᠬᠤᠭᠤᠷ ᠤᠨ ᠭᠠᠳᠡᠷ ᠤᠷᠢᠭᠰᠠᠨ ᠫᠷᠣᠹᠧᠰᠰᠣᠷ ᠪᠣᠯᠵᠤ᠂ ᠤᠷᠢᠳ ᠬᠤᠵᠢᠳ ᠲᠦᠷᠪᠡᠨ ᠬᠤᠭᠤᠴᠠᠭᠠᠨ ᠤ ᠮᠣᠷᠢᠨ ᠬᠤᠭᠤᠷ ᠤᠨ ᠰᠤᠷᠤᠭᠴᠢ ᠬᠦᠮᠦᠵᠢᠭᠦᠯᠪᠡ᠃          ᠪᠦᠳᠣᠭᠡᠯ ᠠᠴᠠ ᠭᠡᠳᠣ ᠶᠢ ᠲᠠᠨᠢᠯᠴᠠᠭᠤᠯᠪᠠᠯ  ᠄          ︽ ᠴᠡᠴᠡᠭᠳᠦ ᠬᠦᠳᠡᠭᠡ  ᠨᠣᠳᠤᠭ︾          ︽ᠣᠯᠠᠭᠠᠨᠴᠠᠪ ᠮᠢᠨᠢ︾          ︽ᠡᠷᠬᠢᠵᠦ ᠰᠠᠨ᠋ᠬᠠᠳᠠᠬᠤ ᠠᠪᠦ ᠶᠢᠨ ᠬᠠᠶᠢᠷ᠎ᠡ︾          ︽ ᠪᠦᠷᠭᠦᠳ ᠤᠨ ᠲᠠᠭᠤᠯᠠᠯ︾          ︽ᠬᠠᠶᠢᠷ᠎ᠡ ᠶᠢᠨ ᠣᠯᠠᠷᠢᠯ︾          ︽ᠬᠤᠶᠡᠷ ᠬᠡᠬᠡᠷ︾          ︽ᠪᠣᠭᠤᠷᠣᠯ ᠭᠤᠪᠢ︾          ︽ᠪᠠᠶᠠᠨ ᠰᠠᠶᠢᠬᠠᠨ ᠦᠪᠦᠷ ᠮᠣᠩᠭᠤᠯ︾ ᠁ ᠵᠡᠷᠭᠡ          ︽ ᠷᠠᠰᠢᠭ᠍ᠸᠡ ᠶᠢᠨ ᠲᠠᠭᠤᠣ ᠶᠢᠨ ᠰᠣᠩᠭᠤᠮᠠᠯ︾        

         

                             ᠨᠠᠶᠢᠷᠠᠭᠤᠯᠣᠨᠨᠴᠢ᠄  ᠭᠧ ᠲᠣᠸᠠᠨ ᠯᠢᠶᠡᠨ

 
ᠢᠷᠡᠯᠲᠡ᠄ ᠦᠪᠦᠷ ᠮᠣᠩᠭᠤᠯ ᠤᠨ ᠣᠳᠣᠳ ᠲᠦᠭᠡᠬᠦ ᠴᠠᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号