ᠪᠤᠷᠬᠠᠨ ᠬᠠᠯᠳᠤᠨ ᠭᠡᠭᠴᠢ ᠦᠭᠡ ᠶᠢᠨ ᠲᠠᠶᠢᠯᠪᠦᠷᠢ | ᠪ᠊ · ᠷᠢᠨᠴᠢᠨ | ︽ᠮᠤᠩᠭᠤᠯ ᠤᠨ ᠨᠢᠭᠤᠴᠡ ᠲᠣᠪᠴᠢᠶᠡᠨ︾᠂ ︽ᠠᠯᠲᠡᠨ ᠲᠣᠪᠴᠢ︾᠂ ︽ᠰᠠᠭᠠᠡᠭ ᠰᠡᠴᠡᠨ ᠤ | ᠡᠷᠳᠡᠨᠢ ᠶᠢᠨ ᠲᠣᠪᠴᠢ︾ ᠭᠡᠬᠦ ᠵᠡᠷᠭᠡ ᠶᠢᠨ ᠮᠣᠩᠭᠤᠯ ᠤᠨ ᠡᠷᠲᠡᠨ ᠤ ᠰᠣᠳᠣᠷ ᠲᠡᠤᠬᠡ ᠶᠢ ᠦᠵᠡᠪᠡᠯ᠂ ᠴᠦᠮ | ᠪᠤᠷᠬᠠᠨ ᠬᠠᠯᠳᠤᠨ ᠭᠡᠳᠡᠭ ᠨᠡᠷ᠎ᠡ ᠲᠠᠢ ᠠᠭᠤᠯᠠ ᠭᠠᠷᠳᠠᠭ᠃ ᠡᠨᠡ ᠠᠭᠤᠯᠠ ᠶᠢ ᠡᠳᠦᠭᠡ ᠶᠢᠨ ᠭᠡᠨᠳᠡᠢ ᠬᠠᠨ ᠤ | ᠠᠭᠤᠯᠠᠰ ᠲᠤ ᠪᠣᠢ ᠭᠡᠳᠡᠭ ᠪᠣᠯᠪᠠᠴᠦ᠂ ᠴᠣᠬᠤᠮ ᠪᠣᠷᠬᠠᠨ ᠬᠠᠯᠳᠤᠨ ᠬᠡᠮᠡᠭᠰᠡᠨ ᠦᠭᠡ ᠶᠠᠭᠤ ᠪᠤᠢ ᠭᠡᠭᠴᠢ ᠶᠢᠨ | ᠲᠠᠶᠢᠯᠪᠦᠷᠢ ᠪᠠᠶᠢᠳᠠᠭ ᠦᠭᠡᠢ᠃ ᠬᠠᠭᠤᠴᠢᠨ ᠰᠢᠨ᠎ᠡ ᠮᠤᠩᠭᠤᠯ ᠲᠣᠯᠢ ᠪᠢᠴᠢᠭ ᠤᠨ ᠵᠦᠢᠯ ᠢ ᠱᠦᠬᠦᠷᠳᠡᠨ ᠡᠷᠢᠪᠡᠴᠦ᠂ | ᠮᠤᠩᠭᠤᠯ ᠤᠨ ᠲᠡᠤᠬᠡ᠂ ᠬᠡᠯᠡ ᠪᠢᠴᠢᠭ ᠢ ᠰᠢᠨᠡᠴᠢᠯᠡᠭᠰᠡᠨ ᠡᠷᠳᠡᠮᠳᠡᠨ ᠤ ᠵᠤᠬᠢᠶᠡᠯ ᠢ ᠡᠷᠢᠪᠡᠴᠦ᠂ ᠪᠤᠷᠬᠠᠨ ᠬᠡᠮᠡᠬᠦ | ᠦᠭᠡ ᠶᠢᠨ ᠲᠠᠶᠢᠯᠪᠦᠷᠢ ᠪᠠᠶᠢᠬᠤ ᠠᠴᠠ ᠪᠢᠰᠢ᠂ ᠬᠠᠯᠳᠤᠨ ᠭᠡᠭᠴᠢ ᠶᠠᠭᠤ ᠭᠡᠰᠡᠨ ᠦᠭᠡ ᠪᠣᠯᠬᠤ ᠶᠢᠨ ᠲᠠᠶᠢᠯᠪᠦᠷᠢ | ᠣᠨᠨᠳᠣ ᠪᠠᠶᠢᠳᠠᠭ ᠦᠭᠡᠢ᠃ ᠡᠨᠡ ᠪᠣᠯ ᠪᠠᠰᠠ ᠮᠤᠩᠭᠤᠯ ᠬᠡᠯᠡ ᠪᠢᠴᠢᠭ ᠢ ᠪᠢᠳᠡ ᠲᠠᠳᠣᠶᠢᠯᠡ ᠨᠡᠪᠳᠡᠷᠬᠡᠢ᠂ ᠬᠦᠢᠴᠡᠳ | ᠰᠢᠨᠵᠢᠯᠡᠵᠦ ᠴᠢᠳᠠᠭ᠎ᠠ ᠦᠭᠡᠢ᠂ ᠮᠣᠩᠭᠤᠯ ᠤᠨ ᠣᠯᠡᠨ ᠠᠶᠠᠯᠭᠤᠨ ᠤ ᠪᠠᠶᠢᠳᠡᠯ ᠢ ᠪᠢᠳᠡᠨ ᠤ ᠮᠡᠳᠡᠭᠰᠡᠨ | ᠰᠣᠳᠣᠯᠣᠨᠨᠰᠠᠨ ᠵᠦᠢᠯ ᠨᠢᠮᠭᠡᠨ ᠰᠢᠭ ᠪᠠᠶᠢᠬᠤ ᠶᠢᠨ ᠪᠠᠷᠢᠮᠳᠡ ᠪᠢᠵᠡ ᠡ᠃ ᠭᠡᠳᠡᠯ᠎ᠡ ᠡᠨᠡᠬᠦ ᠬᠠᠯᠳᠤᠨ ᠭᠡᠳᠡᠭ ᠦᠭᠡ | ᠪᠣᠯ ᠲᠣᠮᠳᠡᠳᠣ ᠡᠷᠲᠡᠨ ᠤ ᠦᠶ᠎ᠡ ᠶᠢᠨ ᠮᠤᠩᠭᠤᠯ ᠬᠡᠯᠡ ᠠᠶᠠᠯᠭᠤᠨ ᠤ ᠪᠠᠶᠢᠳᠡᠯ ᠠᠴᠠ ᠬᠠᠭᠤᠴᠢᠨ ᠵᠦᠢᠯ ᠢ | ᠦᠯᠡᠮᠵᠢᠬᠡᠨ ᠢᠶᠠᠷ ᠬᠠᠳᠠᠭᠠᠯᠬᠠᠰᠠᠨ ᠮᠤᠩᠭᠤᠯ ᠤᠨ ᠨᠢᠭᠡ ᠠᠶᠠᠯᠭᠤᠨ ᠳᠤ ᠡᠳᠣᠭᠡ ᠬᠦᠷᠳᠡᠯ᠎ᠡ ᠬᠡᠷᠡᠭᠯᠡᠭᠳᠡᠰᠡᠭᠡᠷ ᠢᠷᠡᠵᠡᠢ | ᠃ | ᠲᠣᠬᠠᠶᠢᠯᠠᠪᠠᠯ᠄ ᠬᠢᠩᠭᠠᠨ ᠤ ᠵᠣᠵᠠᠭᠠᠨ ᠣᠢ ᠬᠥᠪᠴᠢ ᠪᠠᠷ ᠠᠡᠭ ᠭᠦᠷᠦᠭᠡ ᠬᠢᠵᠦ ᠶᠠᠪᠣᠳᠠᠭ ᠪᠣᠳᠣᠬᠠᠨ | ᠳᠠᠭᠠᠢ ᠭᠡᠳᠡᠭ ᠮᠤᠩᠭᠤᠯ ᠤᠨ ᠨᠢᠭᠡ ᠠᠶᠢᠮᠠᠭ ᠤᠨ ᠠᠶᠠᠯᠭᠤᠨ᠎ᠠ ᠡᠨᠡ ᠦᠭᠡ ᠪᠣᠢ᠃ ᠲᠡᠳᠡ ᠲᠥᠯᠭᠡ ᠪᠦᠬᠡ ᠶᠢᠨ | ᠮᠥᠷᠭᠦᠯ ᠡᠳᠣᠭᠡ ᠬᠦᠷᠳᠡᠯ᠎ᠡ ᠬᠠᠳᠠᠭᠠᠯᠬᠠᠰᠠᠭᠠᠷ ᠢᠷᠡᠭᠰᠡᠨ᠂ ᠠᠡᠭ ᠢᠶᠠᠷ ᠠᠮᠢᠳᠣᠷᠬᠠᠴᠢ ᠤᠢ ᠶᠢᠨ ᠢᠷᠭᠡᠨ ᠪᠦᠭᠡᠳ | ᠣᠳᠡ ᠮᠣᠳᠣᠨ ᠤ ᠨᠠᠮ ᠨᠢᠭᠡᠨ ᠵᠦᠢᠯ ᠪᠣᠷᠭᠠᠰᠣ ᠶᠢ ᠬᠠᠯᠳᠤᠨ ᠭᠡᠨ᠎ᠡ᠃ ᠲᠡᠳᠡ ᠦᠬᠦᠯᠡᠬᠦ ᠨᠢ ᠡᠨᠡᠬᠦ ᠬᠠᠯᠳᠤᠨ | ᠭᠡᠭᠴᠢ ᠮᠣᠳᠣ᠂ ᠪᠣᠰᠣᠳ ᠣᠳᠡ ᠮᠣᠳᠤᠨ ᠤ ᠵᠦᠢᠯ ᠢ ᠪᠣᠳᠣᠪᠠᠰᠣ ᠪᠠᠭᠠᠬᠠᠨ ᠥᠨᠳᠦᠷᠯᠢᠭ ᠭᠠᠵᠡᠷ ᠤᠷᠭᠤᠬᠤ | ᠲᠣᠷᠡᠳᠡᠢ ᠮᠣᠳᠣ ᠭᠡᠨ᠎ᠡ᠃ ᠪᠣᠳᠣᠬᠠᠨ ᠬᠦᠮᠦᠨ᠂ ᠡᠨᠡ ᠮᠣᠳᠣ ᠪᠠᠷ ᠡᠷᠲᠡᠨ ᠠᠴᠠ ᠨᠠᠰᠢ ᠤᠩᠭᠤᠳ ᠤᠨ ᠬᠦᠷᠦᠭ ᠢ | ᠲᠦᠷᠰᠦᠯᠡᠨ ᠬᠢᠭᠰᠡᠭᠡᠷ ᠢᠷᠡᠵᠡᠢ᠃ | ᠢᠩᠭᠢᠭᠡᠳ ᠵᠠᠷᠢᠮ ᠨᠢᠭᠡ ᠬᠦᠭᠰᠢᠨ ᠬᠠᠯᠳᠤᠨ ᠮᠣᠳᠣ ᠶᠢ ᠣᠩᠭᠤᠨ ᠮᠣᠳᠣ ᠪᠣᠯᠭᠠᠨ ᠲᠠᠬᠢᠳᠠᠭ ᠢ ᠪᠣᠷᠬᠠᠨ | ᠬᠠᠯᠳᠤᠨ ᠭᠡᠨ᠎ᠡ᠃ ᠡᠭᠦᠪᠡᠷ ᠪᠣᠳᠣᠪᠡᠯ᠂ ᠴᠢᠩᠭᠢᠰ ᠤᠨ ᠡᠷᠬᠢᠮᠯᠡᠨ ᠲᠠᠭᠢᠵᠦ ᠪᠠᠶᠢᠨᠨᠰᠠᠨ ᠪᠣᠷᠬᠠᠨ ᠬᠠᠯᠳᠤᠨ ᠠᠭᠤᠯᠠ | ᠭᠡᠭᠴᠢ ᠲᠡᠷᠡ ᠡᠷᠲᠡᠨ ᠤ ᠦᠶ᠎ᠡ ᠠᠴᠠ᠂ ᠡᠷᠬᠡ ᠦᠭᠡᠢ ᠲᠡᠶᠢᠮᠦ ᠨᠢᠭᠡ ᠣᠩᠭᠤᠳ ᠲᠠᠬᠢᠯᠭ᠎ᠠ ᠲᠠᠢ ᠬᠠᠯᠳᠤᠨ ᠮᠣᠳᠣ | ᠪᠠᠶᠢᠨᠨᠰᠠᠨ ᠢᠶᠠᠷ ᠪᠣᠷᠬᠠᠨ ᠬᠠᠯᠳᠤᠨ ᠭᠡᠭᠳᠡᠵᠦ ᠪᠠᠶᠢᠨᠨᠰᠠᠨ ᠪᠣᠯᠣᠨ᠎ᠠ᠃ | | ᠢᠷᠡᠯᠳᠡ᠄ ᠠᠷᠡᠳ ᠤᠨ ᠰᠦᠯᠵᠢᠶ᠎ᠡ | ᠪᠡᠯᠡᠳᠭᠡᠭᠰᠡᠨ ᠨᠢ᠄ ᠭᠧ ᠲᠤᠸᠠᠨ ᠯᠢᠶᠡᠨ |