ᠡᠭᠦᠳᠡ ᠭᠤᠣᠯᠯᠠᠵᠦ ᠪᠣᠯᠳᠠᠭ ᠦᠭᠡᠢ ᠶᠢᠨ ᠣᠴᠢᠷ
ᠨᠡᠶᠢᠲᠡᠯᠡᠭᠰᠡᠨ ᠴᠠᠭ᠄
2019-05-21
       ︽ᠡᠭᠦᠳᠡ ᠭᠤᠣᠯᠯᠠᠵᠦ ᠪᠣᠯᠳᠠᠭ ᠦᠭᠡᠢ︾ ᠭᠡᠰᠡᠨ ᠮᠠᠨ ᠤ ᠠᠬᠠᠮᠠᠳ ᠨᠠᠰᠣᠳᠡᠳ ᠤᠨ ᠰᠣᠷᠭᠠᠯ ᠦᠭᠡ ᠪᠠᠶᠢᠳᠠᠭ ᠢ ᠬᠡᠨ ᠪᠦᠬᠦᠨ ᠮᠡᠳᠡᠨ᠎ᠡ᠃ ᠬᠠᠷᠢᠨ ︽ᠶᠠᠭᠠᠬᠢᠭᠠᠳ︾ ᠭᠡᠳᠡᠭ ᠠᠰᠠᠭᠤᠯᠳᠡ ᠶᠢᠨ ᠬᠠᠷᠢᠭᠤᠯᠳᠡ ᠶᠢ ᠡᠳᠦᠭᠡ ᠲᠠᠶᠢᠯᠪᠦᠷᠢᠯᠠᠬᠤ ᠬᠦᠮᠦᠨ ᠴᠦᠬᠡᠨ ᠪᠣᠯᠵᠠᠢ᠃ ᠪᠢ ᠡᠨᠡ ᠦᠭᠡ ᠶᠢᠨ ᠠᠭᠤᠯᠭ᠎ᠠ ᠶᠢ ᠠᠩᠬ᠎ᠠ 1995 ᠣᠨ ᠳᠤ ᠲᠣᠷᠣᠨᠠᠳᠣ ᠠᠶᠢᠮᠠᠭ ᠤᠨ ᠪᠠᠶᠠᠨ ᠠᠭᠤᠯᠠ ᠰᠣᠮᠣᠨ᠎ᠠ ᠬᠡᠬᠡᠷ᠎ᠠ ᠶᠢᠨ ᠰᠣᠳᠣᠯᠭᠠᠨ ᠤ ᠠᠵᠢᠯ ᠬᠢᠵᠦ ᠪᠠᠶᠢᠬᠤ ᠳᠠᠭᠠᠨ ᠣᠯᠵᠦ ᠮᠡᠳᠡᠭᠰᠡᠨ ᠪᠢᠯᠡ᠃ ᠪᠣᠷᠢᠶᠠᠳ ᠪᠦᠬᠡ ᠶᠢᠨ ᠴᠢᠨᠠᠷ ᠬᠢᠵᠦ ᠵᠡᠷᠭᠡ ᠲᠡᠪ ᠠᠬᠢᠬᠤ ᠵᠠᠩ ᠦᠢᠯᠡ ᠪᠣᠯᠵᠦ ᠪᠠᠶᠢᠨᠨᠰᠠᠨ ᠦᠶ᠎ᠡ ᠪᠦᠬᠡᠳ ᠲᠣᠮᠣ ᠠᠰᠠᠷ ᠪᠠᠷᠢᠵᠦ ᠭᠤᠷᠪᠠᠨ ᠡᠳᠣᠷ ᠰᠦᠨᠢ ᠪᠦᠬᠡᠯᠡᠭᠰᠡᠨ ᠶᠤᠮ᠃ ᠮᠠᠨ  ᠤ ᠰᠣᠳᠣᠯᠭᠠᠨ ᠤ ᠪᠠᠭ ᠲᠥᠷᠰᠦ ᠪᠢᠴᠢᠯᠭᠡ ᠬᠢᠵᠦ ᠮᠢᠨᠦ ᠪᠡᠶ᠎ᠡ ᠡᠭᠦᠨ ᠳᠤ ᠭᠤᠣᠯ ᠡᠭᠦᠷᠭᠡ ᠭᠦᠢᠴᠡᠳᠭᠡᠵᠦ ᠪᠠᠶᠢᠯ᠎ᠠ᠃ ᠨᠢᠭᠡᠨ ᠦᠳᠡᠰᠢ ᠵᠠᠭᠠᠷᠢᠨ ᠮᠠᠨᠢ ᠬᠤᠶᠢᠮᠤᠷ ᠰᠠᠭᠤᠵᠦ ᠣᠩᠭᠤᠳ ᠢᠶᠠᠨ ᠣᠳᠠᠳᠠᠯ᠎ᠠ ᠲᠠᠭᠤᠳᠠᠵᠦ ᠪᠠᠶᠢᠨᠨᠰᠠᠨ ᠢᠶᠠᠨ ︽ᠮᠣᠩᠬᠤᠷ ᠬᠠᠷ᠎ᠠ ᠶᠠᠭᠤᠮ᠎ᠠ ᠪᠠᠷᠢᠨᠨᠰᠠᠨ ᠠᠵᠠᠭᠠᠷ ᠬᠦᠪᠡᠭᠦᠨ ᠡᠭᠦᠳᠡ ᠭᠤᠣᠯᠯᠠᠭᠠᠳ ᠪᠠᠶᠢᠨ᠎ᠠ ᠭᠡᠳ ᠣᠩᠭᠤᠳ ᠣᠷᠣᠵᠦ ᠢᠷᠡᠬᠦ ᠦᠭᠡᠢ ᠪᠠᠶᠢᠨ᠎ᠠ ᠳ᠋ᠠ︾ ᠬᠡᠮᠡᠨ ᠨᠠᠳᠡ ᠣᠷᠣᠭᠤ ᠬᠠᠨᠳᠤᠨ ᠦᠭᠦᠯᠡᠭᠰᠡᠨ ᠶᠤᠮ᠃ ᠡᠨᠡ ᠪᠣᠯ ᠲᠤᠬᠠᠢ ᠶᠢᠨ ᠴᠠᠭ ᠤᠨ VHS ᠲᠦᠷᠰᠥ ᠪᠢᠴᠢᠯᠭᠡ ᠶᠢᠨ ᠺᠠᠮᠧᠷᠠ ᠪᠠᠷᠢᠨᠨᠰᠠᠨ ᠣᠷᠳᠣ ᠰᠢᠷᠢᠯᠳᠦᠭᠰᠡᠨ ᠦᠰᠦᠳᠡᠢ ᠵᠠᠯᠠᠭᠤ ᠬᠦᠮᠦᠨ ᠪᠣᠶᠣ ᠮᠢᠨᠦ ᠪᠡᠶ᠎ᠡ ᠪᠠᠶᠢᠨᠨᠰᠠᠨ ᠨᠢ ᠣᠩᠭᠤᠳ ᠤᠨ ᠨᠢᠳᠦᠨ ᠳᠤ ᠲᠡᠶᠢᠨ ᠬᠦ ︽ᠮᠣᠩᠬᠤᠷ ᠬᠠᠷ᠎ᠠ ᠶᠠᠭᠤᠮ᠎ᠠ ᠪᠠᠷᠢᠨᠨᠰᠠᠨ ᠠᠵᠠᠭᠠᠷ ᠬᠦᠪᠡᠭᠦᠨ︾ ᠪᠣᠯᠵᠦ ᠦᠵᠡᠭᠳᠡᠭᠰᠡᠨ ᠠᠵᠢ᠃ ᠵᠠᠭᠠᠷᠢᠨ ᠬᠤᠶᠢᠮᠤᠷ ᠲᠤ ᠵᠠᠯᠠᠷᠠᠵᠦ ᠪᠢ ᠠᠶᠠᠳᠠᠶᠢᠬᠠᠨ ᠦᠨᠴᠦᠭ ᠠᠴᠠ ᠲᠡᠭᠦᠨ ᠤ ᠪᠢᠴᠢᠯᠭᠡ ᠶᠢ ᠬᠢᠴᠢᠭᠡᠬᠦ ᠰᠠᠨᠠᠭ᠎ᠠ ᠲᠠᠢ ᠴᠢᠩᠬ᠎ᠠ ᠡᠮᠦᠨ᠎ᠡ ᠠᠴᠠ ᠨᠢ ᠪᠣᠶᠣ ᠡᠬᠦᠳᠡ ᠭᠤᠣᠯᠯᠠᠨ ᠬᠤᠶᠢᠮᠣᠷ ᠥᠭᠡᠳᠡ ᠴᠢᠭᠯᠡᠨ ᠵᠣᠨᠨᠰᠣᠨᠨᠰᠠᠨ ᠲᠥᠷᠢ ᠵᠢᠷᠤᠭ᠃ ᠡᠭᠦᠳᠡ ᠪᠠᠷ ᠵᠦᠪᠬᠡᠨ ᠪᠡᠶ᠎ᠡ ᠲᠠᠢ ᠪᠣᠳᠡᠳᠡᠢ ᠬᠦᠮᠦᠨ ᠣᠷᠣᠵᠦ ᠭᠠᠷᠴᠦ ᠪᠠᠶᠢᠳᠠᠭ ᠬᠡᠷᠡᠭ ᠪᠢᠰᠢ ᠬᠠᠷᠢᠨ ᠬᠡᠢ ᠪᠡᠶ᠎ᠡ ᠲᠠᠢ ᠬᠡᠶᠢᠰᠭᠦᠯᠡᠭ ᠲᠥᠷᠢ ᠲᠠᠢ ᠣᠯᠠᠨ ᠰᠦᠨᠡᠰᠦᠯᠢᠭ ᠵᠦᠢᠯᠡᠰ ᠮᠦᠨ ᠨᠡᠪᠳᠡᠷᠡᠵᠦ ᠪᠠᠶᠢᠳᠠᠭ ᠭᠡᠰᠡᠨ ᠰᠠᠨᠠᠭ᠎ᠠ ᠠᠳᠡ ᠠᠴᠠ ᠠᠵᠢᠨᠨᠯᠬᠠᠳᠠᠵᠦ ᠪᠠᠶᠢᠨ᠎ᠠ᠃ ᠲᠡᠶᠢᠮᠦ ᠠᠴᠠ ᠲᠡᠳᠡᠨ ᠢ ᠨᠢᠳᠦᠨ ᠳᠤ ᠦᠵᠡᠭᠳᠡᠳᠡᠭ ᠦᠭᠡᠢ ᠲᠤᠯᠠ ᠣᠷᠣᠰᠢᠳᠠᠭ ᠦᠭᠡᠢ ᠬᠡᠮᠡᠨ ᠮᠤᠬᠤᠷ ᠢᠶᠠᠷ ᠪᠣᠳᠣᠯ ᠦᠭᠡᠢ ᠣᠷᠣᠰᠢᠬᠤᠢ ᠶᠢ ᠨᠢ ᠬᠦᠯᠢᠶᠡᠨ ᠵᠦᠪᠰᠢᠶᠡᠷᠡᠵᠦ ᠭᠦᠨᠳᠣᠳᠭᠡᠯ ᠦᠵᠡᠭᠦᠯᠦᠨ ᠣᠷᠣᠬᠤ ᠭᠠᠷᠬᠤ ᠳᠤ ᠨᠢ ᠰᠠᠭᠠᠳ ᠬᠢᠬᠦ ᠦᠭᠡᠢ ᠶᠢᠨ ᠡᠬᠦᠳᠡ ᠠᠴᠠ ︽ᠡᠬᠦᠳᠡ ᠭᠤᠣᠯᠯᠠᠳᠠᠭ ᠦᠭᠡᠢ︾ ᠶᠤᠮ ᠪᠠᠶᠢᠨ᠎ᠠ᠃      ᠡᠨᠡ ᠪᠣᠯ ᠮᠣᠩᠭᠤᠯᠴᠣᠳ ᠬᠦᠮᠦᠨ ᠤ ᠣᠷᠣᠰᠢᠬᠤᠢ ᠶᠢ ᠲᠠᠨᠢᠨ ᠮᠡᠳᠡᠭᠡᠳ ᠡᠨᠡ ᠶᠢᠷᠳᠢᠨᠴᠦ ᠳᠤ ᠭᠠᠭᠴᠠᠭᠠᠷ ᠪᠢᠢᠰ ᠭᠡᠳᠡᠭ ᠢᠶᠠᠨ ᠣᠬᠠᠮᠰᠠᠷᠯᠠᠵᠦ ᠣᠯᠡᠮ ᠢᠶᠠᠷ ᠵᠡᠷᠭᠡᠴᠡᠨ ᠣᠷᠣᠰᠢᠬᠤ ᠬᠡᠢ ᠪᠡᠶ᠎ᠡ ᠲᠠᠢ ᠬᠡᠶᠢᠰᠭᠦᠯᠡᠭ ᠲᠥᠷᠥᠯ ᠰᠠᠳᠤᠨ ᠤᠳ ᠢᠶᠠᠨ ᠬᠦᠯᠢᠶᠡᠨ ᠵᠦᠪᠰᠢᠶᠡᠷᠡᠵᠦ ᠡᠪ ᠵᠦᠢ ᠲᠠᠢ ᠬᠠᠷᠢᠴᠠᠵᠦ ᠪᠠᠶᠢᠭ᠎ᠠ ᠣᠬᠠᠨᠨᠳᠠᠬᠤᠨ ᠶᠤᠮ᠃ ᠡᠰᠡ ᠲᠡᠭᠡᠪᠡᠯ ᠲᠡᠳᠡᠨ ᠢ ᠥᠯᠥ ᠬᠦᠨᠳᠦᠯᠡᠭᠰᠡᠨ ᠪᠣᠯᠵᠦ ᠬᠢᠯᠢᠩᠨᠡᠬᠦᠯᠦᠨ ᠨᠦᠬᠦᠭᠡ ︽ᠲᠠᠭᠠᠷᠢᠯᠭ᠎ᠠ ᠲᠠᠭᠠᠷᠢᠨ᠎ᠠ︾ ᠭᠡᠳᠡᠭ ᠰᠢᠭ ᠵᠦᠢᠯ ᠪᠣᠯᠬᠤ ᠪᠣᠶᠣ ᠬᠡᠢ ᠶᠠᠭᠤᠮᠠᠨ ᠤ ᠵᠠᠮ ᠲᠡᠭᠡᠷ᠎ᠡ ᠬᠦᠨᠳᠡᠯᠢᠰᠦᠨ ᠪᠠᠶᠢᠵᠦ ᠲᠠᠭᠠᠷᠢᠨᠨᠳ᠋ᠬᠠᠰᠠᠨ ᠬᠡᠷᠡᠭ ᠪᠣᠯᠣᠨ᠎ᠠ᠃ ᠦᠯᠢᠭᠡᠷᠯᠡᠪᠡᠯ ᠮᠠᠰᠢᠨ ᠵᠠᠮ ᠲᠡᠭᠡᠷ᠎ᠡ ᠰᠠᠭᠤᠵᠦ ᠪᠠᠶᠢᠭᠠᠳ ᠮᠠᠰᠢᠨ ᠳᠤ ᠲᠠᠭᠠᠷᠢᠭᠤᠯᠣᠨᠨᠰᠠᠨ ᠲᠠᠢ ᠵᠢᠱᠢᠵᠦ ᠪᠣᠯᠬᠤ ᠶᠤᠮ᠃ ᠢᠩᠭᠢᠵᠦ ᠦᠵᠡᠪᠡᠯ ᠪᠢᠳᠡᠨ ᠤ ᠰᠣᠨᠣᠰᠴᠦ ᠲᠣᠭᠤᠯᠣᠨᠨᠰᠠᠨ ᠮᠣᠩᠭᠤᠯ ᠠᠷᠠᠳ ᠤᠨ ᠣᠯᠡᠨ ᠰᠣᠷᠭᠠᠯ ᠦᠭᠡᠰ᠂ ᠮᠡᠳᠡᠬᠦ ᠮᠡᠳᠡᠬᠦ ᠦᠭᠡᠢ ᠪᠠᠷ ᠦᠢᠯᠡᠳᠥᠳᠡᠭ ᠵᠠᠩ ᠵᠠᠩᠰᠢᠯ ᠬᠡᠴᠢᠨᠠᠨ ᠭᠦᠨ ᠭᠦᠨᠵᠡᠭᠡᠢ ᠣᠴᠢᠷ ᠤᠳᠬ᠎ᠠ ᠲᠠᠢ ᠪᠣᠯᠬᠤ ᠶᠢ ᠡᠨᠡ ᠵᠢᠱᠢᠶᠡᠨ ᠠᠴᠠ ᠬᠠᠷᠠᠵᠦ ᠪᠣᠯᠣᠨ᠎ᠠ᠃ ᠬᠠᠷᠢᠨ ᠲᠡᠳᠡᠨ ᠤ ᠣᠴᠢᠷ ᠤᠳᠬ᠎ᠠ ᠶᠢ ᠲᠠᠶᠢᠯᠬᠤ ᠣᠯᠡᠨ ᠲᠦᠯᠬᠢᠬᠦᠷ ᠪᠦᠬᠡ ᠮᠦᠷᠭᠦᠯᠳᠦᠭᠡᠨ ᠳᠤ ᠠᠭᠤᠯᠣᠨᠨᠳᠠᠵᠦ ᠪᠠᠶᠢᠭ᠎ᠠ ᠶᠢ ᠮᠦᠨ ᠡᠨᠡ ᠪᠠᠷᠢᠮᠳᠡ ᠦᠬᠦᠯᠡᠵᠦ ᠪᠠᠶᠢᠨ᠎ᠠ᠃      ᠲᠡᠶᠢᠮᠦ ᠠᠴᠠ ᠪᠦᠬᠡ ᠮᠦᠷᠬᠦᠯ ᠢ ᠵᠦᠪᠬᠡᠨ ᠪᠦᠬᠡ ᠬᠦᠮᠦᠨ ᠭᠡᠳᠡᠭ ᠦᠪᠡᠷ ᠤᠨ ᠪᠡᠶ᠎ᠡ ᠳᠤ ᠣᠩᠭᠤᠳ ᠲᠡᠭᠷᠢ ᠪᠠᠭᠤᠯᠭᠠᠨ ᠢᠷᠡᠵᠦ᠂ ᠡᠰᠡᠪᠡᠯ ᠦᠪᠡᠷ ᠤᠨ ᠰᠦᠨᠡᠰᠦ ᠪᠠᠨ ᠣᠩᠭᠤᠳ ᠲᠡᠭᠷᠢ ᠶᠢᠨ ᠣᠷᠣᠨ ᠢᠶᠠᠷ ᠲᠣᠭᠤᠯᠳᠠᠭ ᠮᠡᠷᠭᠡᠰᠢᠯᠳᠡ ᠪᠠᠷ ᠬᠢᠵᠠᠭᠠᠷᠯᠠᠵᠦ ᠪᠣᠯᠬᠤ ᠦᠭᠡᠢ ᠪᠦᠬᠡᠳ ᠬᠠᠷᠢᠨ ᠮᠣᠩᠭᠤᠯ ᠠᠷᠡᠳ ᠤᠨ ᠣᠯᠠᠮᠵᠢᠯᠠᠯᠳᠣ ᠮᠡᠳᠡᠯᠭᠡ ᠣᠬᠠᠭᠠᠨ᠂ ᠶᠣᠰᠣ ᠵᠠᠩᠰᠢᠯ ᠤᠨ ᠭᠦᠨ ᠳᠤ ᠲᠠᠯᠳᠡ ᠡᠴᠢᠨᠡᠬᠡᠨ ᠨᠢᠭᠤᠨᠨᠳᠡᠨ ᠰᠢᠬᠢᠳᠦᠭᠰᠡᠨ ᠮᠦᠨ ᠴᠢᠨᠡᠷ ᠨᠢ ᠭᠡᠵᠦ ᠬᠡᠯᠡᠵᠦ ᠪᠣᠯᠣᠨ᠎ᠠ᠃ ᠡᠨᠡ ᠤᠳᠬ᠎ᠠ ᠪᠠᠷ ᠪᠦᠬᠡ ᠮᠥᠷᠭᠦᠯ ᠭᠡᠳᠡᠭ ᠪᠠᠶᠢᠭᠠᠯᠢ ᠲᠡᠯᠡᠬᠡᠢ᠂ ᠰᠠᠪᠠ᠂ ᠰᠢᠮ᠎ᠡ ᠶᠢᠨ ᠠᠯᠢᠪᠠ ᠪᠦᠬᠦᠨ ᠢ ᠰᠦᠨᠡᠰᠦ ᠲᠠᠢ ᠡᠰᠡᠪᠡᠯ ᠡᠵᠡᠨ ᠰᠠᠬᠢᠭᠤᠰᠦ ᠲᠠᠢ ᠭᠡᠵᠦ ᠦᠵᠡᠳᠡᠭ ᠠᠨᠢᠮᠢᠰᠲ ︵animist︶  ᠰᠡᠳᠬᠢᠯᠭᠡ ᠪᠠᠶᠢᠭᠠᠳ ᠵᠣᠨᠨᠰᠣᠬᠤ ᠦᠭᠡᠢ ᠬᠦᠮᠦᠨ ᠳᠤ ᠶᠢᠷᠳᠢᠨᠴᠦ ᠲᠠᠢ ᠬᠡᠷᠬᠢᠨ ᠵᠥᠪ ᠵᠣᠬᠢᠰᠳᠡᠢ ᠬᠠᠷᠢᠴᠠᠬᠤ ᠶᠣᠰᠣᠳᠡᠢ ᠨᠢ ᠨᠣᠮᠯᠬᠠᠰᠠᠨ ᠠᠷᠠᠳ ᠤᠨ ᠭᠦᠨ ᠣᠬᠠᠭᠠᠨ ᠭᠡᠳᠡᠭ ᠦᠷᠭᠡᠨ ᠠᠭᠤᠯᠭ᠎ᠠ ᠪᠠᠷ ᠲᠣᠳᠣᠷᠬᠠᠶᠢᠯᠬᠠᠳᠠᠬᠤ ᠣᠴᠢᠷᠳᠡᠢ᠃ ᠪᠠᠶᠢᠭᠠᠯᠢ ᠶᠢᠷᠳᠢᠨᠴᠦ ᠲᠠᠢ ᠵᠥᠪ ᠬᠠᠷᠢᠴᠠᠨ᠎ᠠ ᠭᠡᠳᠡᠭ ᠪᠣᠯ ᠥᠨᠥ ᠶᠢᠨ ᠣᠯᠠᠨ ᠵᠦᠢᠯ ᠤᠨ ᠪᠠᠶᠢᠭᠠᠯᠢ ᠶᠢᠨ ᠭᠠᠮᠰᠢᠭ ᠡᠯ᠎ᠡ ᠪᠦᠬᠦᠨ ᠠᠴᠠ ᠣᠷᠢᠳᠴᠢᠯᠠᠨ ᠰᠡᠷᠭᠡᠶᠢᠯᠡᠬᠦ ᠣᠯᠡᠮ ᠢᠶᠠᠷ ᠡᠨᠡ ᠶᠢᠷᠳᠢᠨᠴᠦ ᠶᠢᠨ ᠪᠣᠯᠣᠨ ᠦᠪᠡᠷ ᠤᠨ ᠠᠵᠦ ᠠᠮᠢᠳᠣᠷᠡᠯ ᠢ ᠦᠨᠢᠳᠡ ᠠᠮᠤᠷ ᠵᠢᠮᠤᠷ ᠪᠠᠶᠢᠯᠭᠠᠬᠤ ᠦᠨᠳᠣᠰᠣ ᠪᠣᠯᠵᠦ ᠪᠠᠶᠢᠵᠠᠢ᠃ ᠥᠭᠡᠷ᠎ᠡ ᠪᠠᠷ ᠬᠡᠯᠡᠪᠡᠯ᠂ ᠥᠨᠥ ᠶᠢᠨ ᠮᠣᠩᠭᠤᠯ ᠳᠤ ᠪᠦᠬᠡ ᠣᠯᠠᠰᠢᠷᠠᠵᠦ ᠪᠠᠶᠢᠭ᠎ᠠ ᠨᠢ ᠡᠶᠡᠷᠬᠦ ᠰᠥᠷᠬᠦ ᠣᠯᠠᠨ ᠲᠠᠯ᠎ᠠ ᠲᠠᠢ ᠴᠦ ᠡᠩ ᠤᠨ ᠬᠢ ᠪᠠᠷ ᠪᠣᠯ ᠲᠡᠭᠦᠨ ᠤ ᠠᠷᠦ ᠳᠤ ᠪᠠᠶᠢᠭᠠᠯᠢ ᠶᠢᠷᠳᠢᠨᠴᠦ ᠲᠠᠢ ᠵᠥᠪ ᠬᠠᠷᠢᠴᠬᠠᠰᠠᠳ ᠲᠡᠷᠡ ᠬᠡᠮᠵᠢᠶ᠎ᠡ ᠪᠠᠷ ᠨᠡᠮᠡᠭᠳᠡᠵᠦ ᠪᠠᠶᠢᠬᠤ ᠰᠠᠶᠢᠨ ᠲᠠᠯ᠎ᠠ ᠲᠠᠢ ᠶᠢ ᠲᠣᠷᠠᠳᠬᠤ ᠨᠢ ᠵᠦᠢ ᠲᠠᠢ᠃ ᠭᠡᠳᠡᠯ᠎ᠡ ᠨᠦᠬᠦᠭᠡ ᠲᠠᠯ᠎ᠠ ᠳᠤ ᠪᠦᠬᠡ ᠮᠦᠷᠬᠦᠯ ᠤᠨ ᠡᠨᠡ ᠡᠶᠡᠷᠬᠦ ᠮᠦᠨ ᠴᠢᠨᠡᠷ ᠪᠣᠳᠡᠳᠣ ᠠᠮᠢᠳᠣᠷᠡᠯ ᠲᠡᠭᠡᠷ᠎ᠡ ᠬᠡᠷᠬᠢᠨ ᠪᠡᠶᠡᠯᠡᠵᠦ ᠪᠠᠶᠢᠭ᠎ᠠ ᠶᠢ ᠪᠠᠰᠠ ᠨᠢᠭᠡ ᠰᠢᠭᠦᠨ ᠲᠣᠩᠭᠠᠵᠦ ᠳ᠋ᠦᠩᠨᠠᠨ ᠴᠠᠩᠨᠠᠬᠦ ᠶᠣᠰᠣᠳᠡᠢ ᠪᠣᠯᠣᠭᠠᠳ ᠪᠠᠶᠢᠭ᠎ᠠ ᠶᠢ ᠮᠡᠷᠭᠡᠨ ᠣᠩᠰᠢᠨᠨᠴᠢ ᠶᠢᠨ ᠣᠶᠣᠨ ᠳᠤ ᠬᠠᠨᠳᠣᠭᠤᠯᠪᠠᠯ ᠵᠣᠬᠢᠨ᠎ᠠ᠃                          ᠲᠥᠮᠡᠳᠦ ᠰᠢᠨ᠎ᠡ ᠨᠠᠶᠢᠷᠠᠭᠤᠯᠪᠠ᠃                                 ᠢᠷᠡᠯᠳᠡ᠄  ᠰᠢᠳᠦᠭᠡᠨ ᠮᠣᠩᠭᠤᠯ ᠲᠠᠪᠴᠠᠩ                         ᠪᠡᠯᠡᠳᠭᠡᠭᠰᠡᠨ ᠨᠢ᠄  ᠭᠧ ᠲᠣᠸᠠᠨ ᠯᠢᠶᠡᠨ
 
ᠢᠷᠡᠯᠲᠡ᠄ ᠰᠢᠳᠦᠭᠡᠨ ᠮᠣᠩᠭᠤᠯ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号