| ᠪᠦᠰᠡ ᠪᠦᠰᠡᠯᠡᠬᠦ ᠳᠡᠭᠡᠨ ᠭᠠᠵᠡᠷ ᠰᠢᠷᠦᠶᠢᠳᠡᠭᠤᠯᠬᠤ᠂ ᠬᠢᠰᠬᠢᠬᠦ᠂ ᠨᠠᠷᠠᠨ ᠪᠣᠷᠣᠭᠤ ᠣᠷᠢᠶᠠᠬᠤ ᠶᠢ ᠴᠡᠭᠡᠷᠯᠡᠨ᠎ᠡ᠃ | ᠪᠦᠰᠡ ᠲᠡᠰᠪᠡᠯ ︵ᠲᠡᠷᠯᠢᠭ︶ ᠶᠢᠨ ᠥᠩᠭᠡ ᠲᠠᠢ ᠦᠩᠭᠡ ᠬᠠᠷᠰᠢᠯᠳᠣᠬᠤ ᠶᠢ ᠴᠡᠭᠡᠷᠯᠡᠨ᠎ᠡ᠃ | ᠲᠡᠷᠯᠢᠭ ᠢᠶᠠᠨ ᠲᠠᠶᠢᠯᠬᠤ ᠳᠠᠭᠠᠨ ᠪᠦᠰᠡ ᠪᠠᠨ ᠨᠠᠷᠠᠨ ᠪᠣᠷᠣᠭᠤ ᠡᠷᠬᠢᠬᠦᠯᠵᠦ ᠲᠠᠶᠢᠯᠬᠤ ᠶᠢ ᠴᠡᠭᠡᠷᠯᠡᠨ᠎ᠡ᠃ | ᠡᠷᠡᠭᠳᠡᠢ ᠬᠦᠮᠦᠨ ᠪᠣᠰᠣᠳ ᠤᠨ ᠡᠬᠡᠨᠡᠷ ᠢᠶᠠᠷ ᠪᠦᠰᠡ ᠪᠦᠰᠡᠯᠡᠬᠦᠯᠬᠦ ᠶᠢ ᠶᠡᠬᠡᠳᠡ ᠴᠡᠭᠡᠷᠯᠡᠨ᠎ᠡ᠃ | ᠪᠦᠰᠡ ᠪᠠᠨ ᠠᠯᠳᠠᠷᠭᠠᠵᠦ ᠴᠢᠷᠴᠦ ᠶᠠᠪᠣᠪᠠᠯ ︽ᠥᠯᠦᠨ ᠭᠡᠳᠡᠰᠣ ᠴᠢᠨᠢ ᠴᠣᠪᠣᠵᠦ ᠪᠠᠶᠢᠨ᠎ᠠ ᠦᠦ︖︾ ᠭᠡᠵᠦ | ᠠᠮᠠ ᠪᠠᠨ ᠠᠰᠠᠭᠤᠯᠭᠠᠬᠤ ᠶᠢ ᠴᠡᠭᠡᠷᠯᠡᠨ᠎ᠡ᠃ | ᠪᠦᠰᠡ ᠪᠠᠨ ᠠᠶᠢᠯ ᠳᠤ ᠲᠣᠷ᠎ᠡ ᠪᠠᠷ ᠲᠠᠶᠢᠯᠬᠤ ᠶᠢ ᠴᠡᠭᠡᠷᠯᠡᠨ᠎ᠡ᠃ ᠪᠦᠰᠡ ᠦᠭᠡᠢ ᠨᠦᠮᠦᠬᠡᠨ ᠶᠠᠪᠣᠬᠤ ᠶᠢ | ᠴᠡᠭᠡᠷᠯᠡᠨ᠎ᠡ᠃ ᠪᠦᠰᠡ ᠪᠦᠰᠡᠯᠡᠬᠦ ᠦᠭᠡᠢ ᠶᠠᠪᠣᠪᠠᠯ ᠬᠡᠶᠢᠮᠦᠷᠢ ᠬᠡᠪᠳᠡᠨ᠎ᠡ ᠭᠡᠳᠡᠭ᠃ | ᠪᠦᠰᠡ ᠠᠴᠠ ᠪᠣᠰᠣᠳ ᠡᠳ᠋ ᠢᠶᠠᠷ ᠪᠦᠰᠡ ᠶᠢ ᠣᠷᠣᠯᠠᠭᠤᠯᠬᠤ ᠶᠢ ᠨᠡᠩ ᠴᠡᠭᠡᠷᠯᠡᠨ᠎ᠡ᠃ ᠠᠷᠢᠬᠢ ᠲᠠᠷᠠᠰᠣ ᠡᠷᠬᠦᠨ | ᠪᠠᠷᠢᠬᠤ᠂ ᠬᠥᠷᠳᠡᠬᠦ ᠳᠡᠭᠡᠨ ᠬᠠᠨᠴᠣᠢ ᠰᠢᠮᠠᠯᠠᠬᠤ᠂ ᠬᠤᠷᠮᠣᠢ ᠰᠢᠭᠤᠬᠤ᠂ ᠪᠦᠰᠡ ᠪᠠᠨ ᠳᠡᠷᠢ ᠲᠡᠭᠰᠢ ᠪᠦᠰᠡᠯᠡᠬᠦ ᠦᠭᠡᠢ᠂ | ᠡᠩᠭᠡᠷ ᠵᠠᠭᠠᠮ᠎ᠠ ᠪᠠᠨ ᠰᠣᠯᠠ ᠵᠠᠳᠠᠭᠠᠢ ᠪᠠᠶᠢᠯᠭᠠᠬᠤ ᠶᠢ ᠴᠡᠭᠡᠷᠯᠡᠨ᠎ᠡ᠃ | | ᠢᠷᠡᠯᠳᠡ᠄ ᠲᠣᠮᠳᠡᠳᠣ ᠣᠯᠣᠰ ᠤᠨ ᠮᠣᠩᠭᠤᠯ ᠬᠡᠯᠡᠨ ᠤ | ᠰᠣᠨᠢᠨ ᠮᠡᠳᠡᠭᠡ ᠶᠢᠨ ᠰᠦᠯᠵᠢᠶ᠎ᠡ | ᠪᠡᠯᠡᠳᠭᠡᠭᠰᠡᠨ ᠨᠢ᠄ ᠭᠧ ᠲᠣᠸᠠᠨ ᠯᠢᠶᠡᠨ |