ᠮᠣᠩᠭᠤᠯ ᠠᠶᠢᠯ ᠤᠨ ᠡᠬᠦᠳᠡᠨ ᠴᠡᠭᠡᠷ
ᠨᠡᠶᠢᠲᠡᠯᠡᠭᠰᠡᠨ ᠴᠠᠭ᠄
2019-04-09
       ᠡᠭᠦᠳᠡ ᠪᠠᠨ ᠬᠦᠴᠦᠳᠡᠢ ᠨᠡᠭᠡᠭᠡᠵᠦ ᠬᠠᠭᠠᠬᠤ ᠶᠢ ᠴᠡᠭᠡᠷᠯᠡᠳᠡᠭ᠃ ᠢᠩᠭᠢᠪᠡᠯ ᠶᠣᠰᠣ ᠵᠦᠢ ᠮᠡᠳᠡᠬᠦ ᠦᠭᠡᠢ ᠪᠣᠶᠣ ᠲᠣᠷ᠎ᠡ ᠦᠭᠡᠶᠢᠴᠡᠭᠰᠡᠨ ᠤ ᠪᠣᠳᠡᠳᠣ ᠢᠯᠡᠷᠡᠯ ᠪᠣᠯᠣᠨ᠎ᠠ᠃        ᠡᠭᠦᠳᠡ ᠰᠡᠭᠦᠵᠦ ᠣᠷᠣᠬᠤ ᠳᠤ ᠪᠠᠨ ᠪᠣᠷᠣᠭᠤ ︵ᠪᠠᠷᠠᠭᠤᠨ︶ ᠲᠠᠯ᠎ᠠ ᠶᠢ ᠴᠡᠭᠡᠷᠯᠡᠨ᠎ᠡ᠃ ᠵᠥᠪ ︵ᠵᠡᠬᠦᠨ︶ ᠲᠠᠯ᠎ᠠ ᠶᠢ ᠰᠡᠭᠦᠵᠦ ᠣᠷᠣᠨ᠎ᠠ᠃ ᠦᠭᠡᠢ ᠪᠣᠯ ︽ᠵᠠᠭᠤ ᠬᠦᠷᠳᠡᠯ᠎ᠡ ᠲᠤᠭ᠎ᠠ ᠮᠡᠳᠡᠬᠦ ᠦᠭᠡᠢ᠂ ᠵᠡᠬᠦᠨᠰᠢ ᠪᠠᠷᠠᠭᠤᠨᠰᠢ ᠵᠦᠭ ᠢᠯᠭᠠᠬᠤ ᠦᠭᠡᠢ ᠬᠦᠮᠦᠨ︾ ᠭᠡᠵᠦ ᠵᠢᠮᠡᠯᠡᠭᠳᠡᠨ᠎ᠡ᠃        ᠡᠬᠦᠳᠡᠨ ᠤ ᠪᠣᠷᠣᠭᠤ ᠲᠠᠯ᠎ᠠ ᠪᠠᠷ ᠭᠠᠷᠬᠤ ᠶᠢ ᠴᠡᠭᠡᠷᠯᠡᠨ᠎ᠡ᠃ ᠭᠠᠷᠤᠵᠠ ᠲᠠᠢ ᠪᠣᠯᠣᠨ᠎ᠠ ᠭᠡᠬᠦ ᠪᠣᠶᠣ ᠳᠣᠮ ᠬᠠᠷᠢᠭᠤᠯᠣᠯᠭ᠎ᠠ ᠬᠢᠬᠦ ᠶᠠᠭᠤᠮ᠎ᠠ ᠶᠢ ᠡᠬᠦᠳᠡᠨ ᠪᠣᠷᠣᠭᠤ ᠲᠠᠯ᠎ᠠ ᠪᠠᠷ ᠭᠠᠷᠭᠠᠳᠠᠭ ᠲᠤᠯᠠ ᠴᠢᠳᠬᠦᠷ ᠤᠨ ᠶᠠᠪᠣᠬᠤ ᠲᠠᠯ᠎ᠠ ᠬᠡᠮᠡᠨ ᠬᠦᠮᠦᠨ ᠭᠠᠷᠭᠠᠳᠠᠭ ᠦᠭᠡᠢ᠃        ᠡᠬᠦᠳᠡ ᠪᠠᠷ ᠣᠬᠤᠷᠢᠵᠦ ᠣᠷᠣᠬᠤ ᠶᠢ ᠴᠡᠭᠡᠷᠯᠡᠨ᠎ᠡ᠃        ᠡᠬᠦᠳᠡ ᠠᠯᠳᠠᠯᠠᠵᠦ ᠵᠣᠨᠨᠰᠣᠬᠤ ᠶᠢ ᠴᠡᠭᠡᠷᠯᠡᠨ᠎ᠡ᠃        ᠡᠭᠦᠳᠡ ᠪᠠᠷ ᠱᠠᠭᠠᠶᠢᠬᠤ ᠥᠩᠭᠡᠶᠢᠬᠦ ᠶᠢ ᠴᠡᠭᠡᠷᠯᠡᠨ᠎ᠡ᠃        ᠡᠬᠦᠳᠡ ᠪᠠᠷ ᠣᠰᠤ ᠠᠰᠬᠠᠬᠤ ᠶᠢ ᠴᠡᠭᠡᠷᠯᠡᠨ᠎ᠡ᠃        ᠡᠬᠦᠳᠡ ᠲᠣᠰᠴᠦ ᠠᠰᠯᠠᠵᠦ ᠰᠠᠭᠤᠬᠤ ᠶᠢ ᠴᠡᠭᠡᠷᠯᠡᠨ᠎ᠡ᠃        ᠡᠬᠦᠳᠡᠨ ᠠᠴᠠ ᠡᠮᠦᠨᠡᠰᠢ ᠡᠬᠦᠳᠡ ᠭᠤᠣᠯᠳᠠᠵᠦ ᠭᠠᠳᠠᠭᠠᠯᠠᠬᠤ ᠶᠢ ᠴᠡᠭᠡᠷᠯᠡᠨ᠎ᠡ᠃        ᠡᠬᠦᠳᠡᠨ ᠲᠡᠭᠡᠷ᠎ᠡ ᠪᠠᠨ ᠬᠤᠭᠤᠰᠤᠨ ᠰᠠᠪᠠ ᠲᠡᠭᠡᠭᠡᠰᠢ ᠬᠠᠨᠳᠣᠭᠤᠯᠣᠨ ᠲᠠᠯᠪᠢᠬᠤ ᠶᠢ ᠴᠡᠭᠡᠷᠯᠡᠨ᠎ᠡ᠃ ᠡᠷᠬᠡᠪᠰᠢ ᠬᠦᠮᠦᠷᠢᠵᠦ ᠲᠠᠯᠪᠢᠬᠤ ᠶᠣᠰᠣ ᠲᠠᠢ᠃                                             ᠪᠡᠯᠡᠳᠭᠡᠭᠰᠡᠨ ᠨᠢ᠄ ᠭᠧ ᠲᠣᠸᠠᠨ ᠯᠢᠶᠡᠨ
 
ᠢᠷᠡᠯᠲᠡ᠄ ᠲᠣᠮᠳᠡᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号