ᠮᠣᠷᠢᠨ ᠤ ᠲᠤᠬᠠᠢ ᠳᠣᠮ ᠰᠢᠪᠰᠢᠯᠭᠡ
ᠨᠡᠶᠢᠲᠡᠯᠡᠭᠰᠡᠨ ᠴᠠᠭ᠄
2019-04-09
      ᠮᠤᠩᠭᠤᠯᠴᠣᠳ ᠬᠡᠳᠣᠨ ᠮᠢᠩᠭᠠᠨ ᠵᠢᠯ ᠤᠨ ᠲᠣᠷᠰᠢ ᠮᠣᠷᠢ ᠶᠢ ᠲᠠᠶᠢᠨ ᠪᠠᠶᠢᠯᠳᠣᠭᠠᠨ᠂ ᠮᠠᠯᠵᠢᠬᠤ ᠠᠮᠢᠳᠣᠷᠡᠯ ᠤᠨ ᠲᠣᠮᠳᠡ ᠣᠨᠣᠵᠦ ᠡᠳ᠋ᠯᠡᠵᠦ ᠢᠷᠡᠭᠰᠡᠨ ᠲᠡᠣᠬᠡ ᠲᠠᠢ ᠮᠦᠷᠳᠡᠬᠡᠨ ᠮᠣᠷᠢ ᠶᠢ ᠰᠠᠶᠢᠨ ᠨᠠᠶᠢᠵᠠ᠂ ᠰᠢᠳᠣᠷᠭᠤ ᠬᠠᠨᠢ ᠪᠠᠷ ᠦᠵᠡᠵᠦ᠂ ᠶᠡᠬᠡᠳᠡ ᠬᠦᠨᠳᠣᠳᠭᠡᠨ ᠰᠢᠳᠣᠵᠦ ᠪᠠᠶᠢᠨᠨᠰᠠᠨ ᠲᠡᠣᠬᠡ ᠲᠠᠢ ᠶᠤᠮ᠃ ᠲᠡᠷᠡ ᠮᠦᠷᠳᠡᠬᠡᠨ ︽ᠮᠣᠷᠢᠨ ᠲᠣᠯᠣᠭᠠᠢ ᠮᠣᠯᠤᠷ ᠡᠷᠳᠡᠨᠢ︕︾ ᠭᠡᠵᠦ ᠮᠣᠷᠢᠨ ᠤ ᠲᠣᠯᠣᠭᠠᠢ ᠤᠷᠤᠭᠤ ᠴᠣᠬᠢᠬᠤ ᠶᠢ ᠴᠡᠭᠡᠷᠯᠡᠵᠦ᠂ ᠵᠦᠷᠢᠴᠡᠭᠰᠡᠳ ᠢ ᠬᠦᠨᠳᠣ ᠪᠠᠷ ᠰᠢᠢᠳᠭᠡᠳᠡᠭ ᠪᠠᠶᠢᠨᠨᠰᠠᠨ ᠲᠡᠣᠬᠡ ᠲᠡᠮᠳᠡᠭᠯᠡᠯ ᠴᠦ ᠣᠯᠡᠨ ᠪᠣᠢ᠃       ᠠᠵᠢᠷᠭ᠎ᠠ᠂ ᠣᠩᠭᠤᠨ ᠮᠣᠷᠢ᠂ ᠣᠷᠣᠯᠳᠣᠭᠠᠨ ᠤ ᠮᠣᠷᠢ᠂ ᠤᠷᠭᠠᠨ ᠤ ᠮᠣᠷᠢ ᠵᠡᠷᠭᠡ ᠠᠯᠢ ᠨᠢᠭᠡ ᠬᠠᠶᠢᠷᠠᠳᠡᠢ ᠲᠣᠭᠤᠳᠠᠭ ᠮᠣᠷᠢ ᠨᠢ ᠶᠠᠮᠠᠷ ᠨᠢᠭᠡᠨ ᠰᠢᠯᠳᠠᠭᠠᠨ ᠢᠶᠠᠷ ᠦᠬᠦᠵᠦ ᠠᠳᠡᠪᠡᠯ ᠬᠡᠭᠡᠷ᠎ᠡ ᠭᠠᠳᠠᠨ᠎ᠠ ᠬᠠᠮᠢᠶ᠎ᠠ ᠨᠠᠮᠢᠶ᠎ᠠ ᠦᠭᠡᠢ ᠬᠠᠶᠠᠳᠠᠭ ᠦᠭᠡᠢ᠂ ᠲᠣᠯᠣᠭᠠᠢ ᠪᠣᠯᠣᠨ ᠲᠦᠷᠪᠡᠨ ᠰᠢᠬᠢᠷ᠎ᠠ ᠶᠢ ᠨᠢ ᠠᠪᠴᠦ᠂ ᠨᠢᠳᠣᠨ ᠬᠤᠩᠬᠤᠷ ᠲᠤᠨᠢ ᠬᠤᠮᠣᠯ ᠬᠢᠭᠡᠳ ᠬᠠᠳᠠᠭ ᠢᠶᠠᠷ ᠣᠷᠢᠶᠠᠵᠦ᠄         ᠬᠡᠣᠭᠡᠳ ᠴᠢᠯᠠᠭᠤ ᠭᠡᠵᠦ ᠬᠡᠯᠡᠪᠡᠯ ᠵᠣᠯᠠᠢ ᠪᠢᠳᠡᠬᠦᠷᠡᠵᠦ         ᠮᠣᠷᠢ ᠴᠣᠯᠪᠣᠭᠤᠷ ᠰᠣᠩᠭᠤᠪᠠᠯ ᠬᠦᠯᠦᠭ ᠪᠣᠯᠳᠠᠭ         ᠢᠳᠡᠷ ᠮᠣᠩᠭᠤᠯ ᠤᠨ ᠢᠳᠡᠭᠡᠨ ᠤ ᠲᠡᠭᠡᠵᠢ ᠲᠠᠪᠤᠨ ᠲᠠᠩᠰᠤᠭ         ᠶᠡᠭᠡ ᠮᠤᠩᠭᠤᠯᠴᠤᠳ ᠤᠨ ᠬᠦᠯᠦᠭ ᠤᠨ ᠬᠡᠶᠢᠮᠤᠷᠢ ᠪᠦᠷᠢᠳᠦᠭᠰᠡᠨ ᠮᠣᠷᠢ ᠮᠢᠨᠢ         ᠭᠠᠨᠭ᠌ ᠲᠦᠷᠪᠡᠨ ᠲᠣᠭᠤᠷᠠᠢ ᠴᠢᠨᠢ ᠭᠠᠩᠳᠠᠰᠢ ᠦᠭᠡᠢ         ᠭᠠᠯ ᠬᠤᠶᠡᠷ ᠨᠢᠳᠣ ᠴᠢᠨᠢ ᠮᠢᠨᠳᠠᠷᠠᠰᠢ ᠦᠭᠡᠢ         ᠡᠨᠡ ᠰᠠᠶᠢᠨ ᠮᠣᠷᠢᠨ ᠳᠤ ᠮᠢᠨᠢ         ᠦᠯᠵᠡᠢ ᠬᠤᠳᠤᠭ ᠣᠷᠣᠰᠢᠳᠣᠭᠠᠢ ᠭᠡᠳ ᠦᠨᠳᠣᠷ ᠠᠭᠤᠯᠠ ᠶᠢᠨ ᠣᠷᠣᠢ ᠲᠡᠭᠡᠷ᠎ᠡ ᠨᠠᠷᠡᠨ ᠮᠠᠨᠳᠣᠬᠤ ᠵᠦᠭ ᠬᠠᠨᠳᠣᠭᠤᠯᠣᠨ ᠣᠩᠭᠤᠯᠡᠨ ᠲᠠᠯᠪᠢᠳᠠᠭ ᠪᠠᠶᠢᠪᠠ᠃        ᠮᠣᠩᠭᠤᠯᠴᠣᠳ ᠠᠮᠢᠳᠣᠷᠡᠯ ᠤᠨ ᠴᠢᠬᠤᠯᠠ ᠱᠠᠭᠠᠷᠳᠠᠯᠭ᠎ᠠ ᠠᠴᠠ ᠪᠤᠯᠵᠦ᠂ ᠢᠳᠡᠰᠢᠨ ᠤ ᠦᠶ᠎ᠡ ᠪᠠᠷ ᠮᠣᠷᠢ ᠨᠢᠳᠣᠯᠬᠤ ᠶᠠᠪᠣᠳᠡᠯ ᠭᠠᠷᠪᠠᠯ᠂ ᠲᠤᠭ ᠰᠡᠬᠦᠯ ᠠᠴᠠ ᠨᠢ ᠨᠢᠭᠡ ᠣᠷᠣᠮ ᠦᠭᠳᠡᠭᠡᠨ ᠠᠪᠴᠦ᠂ ᠣᠷᠣᠭᠤᠯ ᠳᠤᠨᠢ ᠬᠦᠷᠭᠡᠨ  ᠠᠮᠠᠨ ᠬᠡᠰᠢᠭ ᠢ ᠨᠢ ᠦᠯᠡᠳᠡᠭᠡᠵᠦ ᠠᠪᠣᠭᠠᠳ ᠭᠡᠷ ᠤᠨ ᠢᠶᠠᠨ ᠴᠢᠨᠨᠳᠠᠭ᠎ᠠ ᠠᠴᠠ ᠣᠶᠠᠬᠤ ᠪᠣᠶᠣ ᠲᠠᠯᠠᠯᠭᠠᠨ ᠳᠠᠭᠠᠨ ᠬᠢᠵᠦ ᠲᠠᠯᠪᠢᠳᠠᠭ᠃ ᠲᠡᠭᠡᠭᠡᠳ᠄        ᠠᠯᠠᠬᠤ ᠭᠡᠵᠦ ᠠᠯᠬᠠᠰᠠᠨ ᠦᠭᠡᠢ        ᠠᠷᠭᠠᠮᠵᠢᠶ᠎ᠠ ᠳᠠᠭᠠᠨ ᠣᠷᠢᠶᠠᠯᠳᠣᠵᠦ ᠦᠬᠦᠯ᠎ᠠ        ᠴᠣᠬᠢᠬᠤ ᠭᠡᠵᠦ ᠴᠣᠬᠢᠨᠨᠰᠠᠨ ᠦᠭᠡᠢ        ᠴᠢᠳᠣᠷ ᠲᠡᠭᠡᠨ ᠣᠷᠢᠶᠠᠯᠳᠣᠵᠦ ᠦᠬᠦᠯ᠎ᠠ        ᠣᠨ᠋ᠬᠠᠰᠠᠠ ᠭᠠᠵᠡᠷ ᠲᠠᠭᠠᠨ        ᠤᠨᠠᠭ᠎ᠠ ᠪᠤᠯᠵᠦ ᠲᠦᠷᠦᠭᠡᠷᠡᠢ        ᠲᠠᠯᠠᠶᠢᠨᠨᠰᠠᠨ ᠭᠠᠵᠡᠷ ᠲᠠᠭᠠᠨ        ᠲᠠᠭ᠎ᠠ ᠪᠣᠯᠵᠦ ᠲᠦᠷᠦᠭᠡᠷᠡᠢᠭᠡᠵᠦ ᠢᠷᠣᠭᠡᠨ ᠰᠢᠪᠰᠢᠳᠡᠭ᠃        ᠡᠨᠡ ᠪᠣᠯ ᠶᠠᠮᠠᠷ ᠨᠢᠭᠡᠨ ᠵᠣᠷᠢᠯᠭ᠎ᠠ ᠪᠠᠷ ᠠᠯᠠᠨ᠎ᠠ ᠭᠡᠵᠦ ᠠᠯᠬᠠᠰᠠᠨ ᠪᠢᠰᠢ᠂ ᠬᠠᠷᠢᠨ ᠶᠠᠮᠠᠷ ᠨᠢᠭᠡᠨ ᠣᠰᠣᠯ ᠠᠳᠡᠯ ᠢᠶᠠᠷ ᠭᠡᠨᠡᠳᠡᠵᠦ ᠦᠬᠦᠯ᠎ᠡ ᠬᠡᠰᠡᠨ ᠰᠠᠨᠠᠭ᠎ᠠ ᠶᠢ ᠭᠠᠷᠭᠠᠵᠦ᠂ ᠬᠠᠷᠢᠭᠤᠴᠠᠯᠭ᠎ᠠ ᠶᠢ ᠪᠡᠶ᠎ᠡ ᠠᠴᠠ ᠪᠠᠨ ᠵᠠᠶᠢᠯᠠᠭᠤᠯᠵᠦ ︽ᠰᠦᠨᠡᠰᠣ ᠮᠦᠷ ᠢ ᠨᠢ ᠵᠢᠭᠠᠵᠦ︾ ᠪᠠᠶᠢᠭ᠎ᠠ ᠳᠣᠮ ᠰᠢᠪᠰᠢᠯᠭᠡ ᠪᠣᠯᠬᠤ ᠶᠤᠮ᠃       ᠢᠷᠡᠯᠳᠡ᠄ ᠪᠡ᠊ · ᠣᠷᠳᠣᠨᠠᠰᠣᠳᠣ ᠶᠢᠨ ︽ᠮᠤᠩᠭᠤᠯ ᠣᠯᠠᠮᠵᠢᠯᠠᠯᠳᠣ ᠳᠣᠮ ᠰᠢᠪᠰᠢᠯᠭᠡ︾ ᠭᠡᠬᠦ ᠨᠣᠮ ᠠᠴᠠ ᠰᠣᠩᠭᠤᠪᠠ                                             ᠪᠡᠯᠡᠳᠭᠡᠭᠰᠡᠨ ᠨᠢ᠄ ᠭᠧ ᠲᠣᠸᠠᠨ ᠯᠢᠶᠡᠨ
 
ᠢᠷᠡᠯᠲᠡ᠄ ᠰᠣᠳᠣᠷ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号