ᠠᠯᠤᠨ ᠭᠤᠸ᠎ᠠ ᠡᠬᠡ
ᠨᠡᠶᠢᠲᠡᠯᠡᠭᠰᠡᠨ ᠴᠠᠭ᠄
2019-04-09
                          ᠠᠯᠤᠨ ᠭᠤᠸ᠎ᠠ ᠡᠬᠡ        ᠠᠯᠤᠨ ᠭᠤᠸ᠎ᠠ ᠪᠣᠯ ᠲᠣᠷᠣᠭᠤᠯᠵᠢᠨ ᠪᠠᠶᠠᠨ ᠤ ᠣᠳᠬᠤᠨ ᠬᠦᠪᠡᠭᠦᠨ ᠲᠣᠪᠦ ᠮᠡᠷᠭᠡᠨ ᠤ ᠬᠡᠷᠭᠡᠢ᠂ ᠪᠣᠷᠵᠢᠬᠢᠨ ᠣᠪᠣᠭ ᠤᠨ ᠡᠪᠦᠭᠡ ᠪᠣᠳᠠᠨᠴᠢᠷ ᠮᠣᠩᠬᠠᠭ ᠤᠨ ᠡᠬᠡ ᠮᠦᠨ᠃ ᠲᠡᠭᠦᠨ ᠤ ᠡᠴᠢᠭᠡ ᠬᠤᠷᠢᠯᠠᠳᠡᠢ ᠮᠡᠷᠭᠡᠨ ᠪᠣᠯ ᠮᠣᠩᠭᠤᠯ ᠤᠨ ᠬᠤᠷᠢ ᠲᠦᠮᠡᠨ ᠭᠡᠬᠦ ᠠᠶᠢᠮᠠᠭ ᠤᠨ ᠨᠣᠶᠡᠨ ᠪᠠᠶᠢᠵᠠᠢ᠃ ︽ᠮᠣᠩᠭᠤᠯ ᠤᠨ ᠨᠢᠭᠤᠴᠠ ᠲᠣᠪᠴᠢᠶᠡᠨ ︾ ᠳᠤ ︽ᠣᠷᠢᠳᠣ ᠴᠠᠭ ᠲᠤ ᠬᠥᠯ ᠪᠠᠷᠭᠤᠵᠢᠨ ᠳᠦᠭᠦᠮ ᠤᠨ ᠡᠵᠡᠨ ᠪᠠᠷᠭᠤᠳᠡᠢ ᠮᠡᠷᠭᠡᠨ ᠤ ᠡᠬᠡᠨᠡᠷ ᠪᠣᠯᠭᠠᠵᠦ ᠦᠭᠭᠦᠭᠰᠡᠨ ᠪᠠᠶᠢᠵᠠᠢ᠃ ᠢᠩᠭᠢᠭᠡᠳ ᠬᠤᠷᠢ ᠲᠦᠮᠡᠳ ᠤᠨ ᠠᠷᠢᠭ ᠣᠰᠣᠨ ᠭᠡᠬᠦ ᠭᠠᠵᠡᠷ ᠲᠤ᠂ ᠬᠤᠷᠢᠯᠠᠷᠳᠡᠢ ᠮᠡᠷᠭᠡᠨ ᠤ ᠡᠬᠡᠨᠡᠷ ᠪᠠᠷᠭᠤᠵᠢᠨ ᠭᠤᠸ᠎ᠠ ᠠᠴᠠ ᠲᠥᠷᠥᠭᠰᠡᠨ ᠠᠯᠤᠨ ᠭᠤᠸ᠎ᠠ ᠭᠡᠳᠡᠭ ᠥᠬᠢᠨ ᠡᠨᠡ ᠪᠠᠶᠢᠵᠠᠢ︾ ᠭᠡᠵᠦ ᠲᠡᠮᠳᠡᠭᠯᠡᠵᠡᠢ᠃ ᠠᠯᠤᠨ ᠭᠤᠸ᠎ᠠ ᠪᠣᠯ ᠮᠣᠩᠭᠤᠯ ᠤᠨ ᠲᠡᠤᠬᠡᠨ ᠳᠠᠬᠢ ᠦᠷ᠎ᠡ ᠬᠡᠣᠭᠡᠳ ᠢᠶᠠᠨ ᠰᠣᠷᠭᠠᠨᠨᠰᠠᠨ ᠠᠯᠳᠡᠷ ᠨᠡᠷ᠎ᠡ ᠶᠡᠬᠡᠳᠡᠢ ᠮᠡᠷᠭᠡᠨ ᠡᠬᠡ ᠮᠦᠨ᠃ ︽ᠮᠣᠩᠭᠤᠯ ᠤᠨ ᠨᠢᠭᠤᠴᠠ ᠲᠣᠪᠴᠢᠶᠡᠨ︾ ᠳᠤ ᠡᠨᠡ ᠡᠬᠡ ᠶᠢᠨ ᠲᠠᠪᠤᠨ ᠮᠦᠰᠣ ᠶᠢ ᠬᠤᠭᠤᠯᠤᠭᠤᠯᠵᠦ ᠬᠡᠣᠬᠡᠳ ᠢᠶᠠᠨ ᠰᠣᠷᠭᠠᠨᠨᠰᠠᠨ ᠲᠤᠮᠤᠭ ᠢ ᠲᠡᠮᠳᠡᠭᠯᠡᠵᠦ᠄ ︽᠁ ᠲᠠ ᠨᠠᠷ ᠲᠠᠭᠠᠷ ᠤᠨ ᠲᠠᠪᠤᠨ ᠮᠦᠰᠦ ᠮᠡᠲᠦ ᠬᠡᠷᠪᠡ ᠭᠠᠭᠴᠠ ᠭᠠᠭᠴᠠ ᠪᠠᠷ ᠢᠶᠠᠨ ᠠᠮᠢ ᠬᠤᠪᠢ ᠪᠠᠨ ᠪᠣᠳᠣᠭᠠᠳ ᠶᠠᠪᠣᠳᠠᠭ ᠪᠣᠯ ᠂ ᠲᠡᠷᠡ ᠬᠦ᠋‍ ᠨᠢᠭᠡ ᠮᠦᠰᠦ ᠰᠢᠭ ᠬᠡᠨ ᠳᠤ ᠴᠦ ᠭᠡᠳ ᠬᠢᠯᠪᠡᠷ ᠢᠶᠠᠷ ᠢᠯᠬᠠᠳᠠᠬᠤ ᠪᠣᠯᠣᠨ᠎ᠠ ᠰᠢᠤ᠃ ᠬᠡᠷᠪᠡ ᠬᠠᠮᠳᠣᠳᠬᠠᠨ ᠪᠠᠭᠯᠬᠠᠰᠠᠨ ᠲᠠᠪᠤᠨ ᠮᠦᠰᠦ ᠮᠡᠲᠦ ᠡᠪ ᠡᠶ᠎ᠡ ᠲᠠᠢ ᠶᠠᠪᠣᠳᠠᠭ ᠪᠣᠯ ᠬᠡᠨ ᠬᠦᠮᠦᠨ ᠳᠤ ᠴᠦ ᠭᠡᠳ ᠲᠡᠶᠢᠮᠦ ᠬᠢᠯᠪᠠᠷᠬᠠᠨ ᠲᠡᠶᠢᠯᠦᠭᠳᠡᠬᠦ ᠦᠭᠡᠢ︾ ᠭᠡᠳᠡᠭ ᠠᠯᠳᠠᠨ ᠰᠣᠷᠭᠠᠯ ᠬᠠᠶᠢᠷᠠᠯᠠᠯ᠎ᠠ ᠭᠡᠵᠦ ᠪᠢᠴᠢᠵᠦ ᠦᠯᠡᠳᠡᠭᠡᠵᠡᠢ᠃ ᠡᠭᠦᠨ ᠠᠴᠠ ︽ᠮᠦᠰᠣ ᠬᠤᠭᠤᠯᠤᠭᠤᠯᠵᠤ ᠬᠡᠣᠭᠡᠳ ᠢᠶᠠᠨ ᠰᠣᠷᠭᠠᠨᠨᠰᠠᠨ︾ ᠠᠯᠳᠠᠷᠳᠣ ᠲᠣᠮᠤᠭ ᠮᠣᠩᠭᠤᠯ ᠤᠨ ᠲᠡᠤᠬᠡᠨ ᠳᠤ ᠣᠯᠠᠮᠵᠢᠯᠬᠠᠳᠠᠵᠠᠢ᠃                                                     ᠪᠡᠯᠡᠳᠭᠡᠭᠰᠡᠨ ᠨᠢ᠄  ᠭᠧ ᠲᠣᠸᠠᠨ ᠯᠢᠶᠡᠨ
 
ᠢᠷᠡᠯᠲᠡ᠄ ᠬᠡᠰᠢᠭᠳᠡᠨ ᠬᠤᠰᠢᠭᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号