ᠮᠣᠩᠭᠤᠯᠴᠣᠳ ᠤᠨ ᠣᠪᠣᠭᠠᠨ ᠤ ᠣᠷᠴᠢᠨ ᠲᠣᠭᠤᠷᠢᠨ ᠢ ᠬᠠᠮᠠᠭᠠᠯᠠᠬᠤ ᠶᠣᠰᠣ ᠵᠠᠩᠰᠢᠯ
ᠨᠡᠶᠢᠲᠡᠯᠡᠭᠰᠡᠨ ᠴᠠᠭ᠄
2019-03-13
      ᠣᠪᠣᠭᠠᠨ ᠤ ᠲᠠᠬᠢᠯᠭ᠎ᠠ ᠳᠤ ᠲᠡᠣᠬᠡ ᠲᠣᠷᠠᠰᠬᠠᠯ ᠤᠨ ᠰᠢᠨᠵᠢ ᠠᠭᠤᠯᠣᠨᠨᠳᠠᠵᠦ ᠪᠠᠶᠢᠬᠤ ᠪᠠᠷ ᠪᠠᠷᠠᠬᠤ ᠦᠬᠡᠢ ᠪᠠᠶᠢᠭᠠᠯᠢ ᠶᠢᠨ ᠣᠷᠴᠢᠨ ᠢ ᠬᠠᠮᠠᠭᠠᠯᠠᠬᠤ ᠢᠳᠡᠪᠬᠢ ᠲᠠᠯ᠎ᠠ ᠶᠢ ᠢᠯᠡᠷᠡᠭᠦᠯᠵᠦ ᠪᠠᠶᠢᠳᠠᠭ᠃ ᠡᠷᠳᠡᠨ ᠤ ᠬᠦᠮᠦᠰ ᠪᠠᠶᠢᠭᠠᠯᠢ ᠶᠢ ᠰᠢᠳᠣᠵᠦ᠂ ᠪᠠᠶᠢᠭᠠᠯᠢ ᠶᠢᠨ ᠬᠦᠴᠦᠨ ᠠᠴᠠ ᠰᠦᠷᠳᠡᠵᠦ ᠠᠶᠣᠳᠠᠭ ᠪᠠᠶᠢᠨᠨᠰᠠᠨ ᠪᠦᠬᠡᠳ ᠮᠦᠷᠬᠦᠯ ᠲᠠᠬᠢᠯᠭ᠎ᠠ ᠬᠢᠪᠠᠯ ᠠᠭᠤᠴᠢᠯᠠᠯ ᠬᠦᠷᠳᠡᠨ᠎ᠡ ᠭᠡᠵᠦ ᠦᠵᠡᠳᠡᠭ ᠪᠠᠶᠢᠵᠡᠢ᠃ ᠡᠶᠢᠮᠦ ᠠᠴᠠ ᠨᠢᠬᠡ ᠲᠠᠯ᠎ᠠ ᠪᠠᠷ ᠪᠠᠶᠢᠭᠠᠯᠢ  ᠲᠠᠢ ᠬᠠᠯᠳᠠᠵᠦ ᠠᠭᠤᠷ ᠬᠢᠯᠢᠩ ᠢ ᠨᠢ ᠬᠦᠳᠡᠯᠬᠡᠬᠦ ᠠᠴᠠ ᠮᠠᠰᠢ ᠬᠢᠴᠢᠶᠡᠳᠡᠭ᠃ ᠨᠦᠬᠦᠬᠡ ᠲᠠᠯ᠎ᠠ ᠪᠠᠷ ᠮᠣᠩᠭᠤᠯᠴᠣᠳ ᠮᠠᠯᠵᠢᠬᠤ ᠦᠢᠯᠡᠳᠪᠦᠷᠢᠯᠡᠯ ᠢ ᠡᠷᠬᠢᠯᠡᠨ ᠪᠠᠶᠢᠭᠠᠯᠢ ᠶᠢᠨ ᠬᠡᠰᠢᠭ ᠢ ᠬᠦᠷᠳᠡᠵᠦ ᠡᠬᠡ ᠪᠠᠶᠢᠭᠠᠯᠢ ᠲᠠᠢ ᠵᠣᠬᠢᠴᠡᠨ ᠠᠮᠢᠳᠣᠷᠠᠬᠤ ᠶᠠᠪᠣᠴᠡ ᠳᠤ ᠪᠠᠨ ᠡᠬᠡ ᠪᠠᠶᠢᠭᠠᠯᠢ ᠳᠤ ᠪᠠᠨ ᠬᠦᠨ ᠵᠣᠵᠠᠭᠠᠨ ᠬᠠᠶᠢᠷ᠎ᠡ ᠰᠡᠳᠬᠢᠯᠬᠡ ᠲᠠᠢ ᠪᠠᠶᠢᠳᠠᠭ  ᠠᠴᠠ ᠣᠪᠣᠭ᠎ᠠ ᠪᠣᠯᠣᠨ ᠣᠪᠣᠭᠠᠨ ᠤ ᠣᠷᠴᠢᠨ ᠲᠣᠭᠤᠷᠢᠨ ᠤ ᠣᠰᠣ᠂ ᠡᠪᠡᠰᠣ᠂ ᠮᠣᠳᠣ᠂ ᠴᠢᠯᠠᠭᠤ ᠶᠢ ᠨᠢ ᠬᠦᠳᠡᠯᠬᠡᠬᠦ ᠦᠬᠡᠢ᠃ ᠡᠷᠬᠢᠨ ᠲᠣᠭᠤᠷᠢᠨ ᠳᠠᠬᠢ ᠠᠮᠢᠳᠡᠨ ᠠᠷᠢᠶᠠᠳᠡᠨ ᠢ ᠴᠦ ᠠᠯᠠᠵᠦ ᠬᠤᠷᠣᠭᠠᠵᠦ ᠪᠣᠯᠬᠤ ᠦᠬᠡᠢ ᠬᠤᠷᠢᠭ᠎ᠠ ᠴᠡᠭᠡᠷ ᠲᠠᠢ ᠪᠠᠶᠢᠳᠠᠭ᠃ ᠮᠣᠩᠭᠤᠯᠴᠣᠳ ᠶᠡᠷᠦ ᠳᠤ ᠪᠠᠨ ᠦᠨᠳᠣᠷ ᠣᠷᠦᠢ ᠶᠢ ᠬᠦᠨᠳᠣᠳᠭᠡᠨ ᠦᠵᠡᠵᠦ᠂ ᠦᠷ᠎ᠡ ᠠᠴᠢᠷ ᠲᠤ ᠪᠠᠨ ᠦᠨᠳᠣᠷ ᠣᠷᠣᠢ ᠲᠣᠯᠣᠭᠠᠢ ᠲᠡᠭᠡᠷ᠎ᠡ ᠰᠢᠬᠡᠵᠦ ᠭᠠᠳᠠᠭᠠᠯᠠᠵᠦ ᠪᠣᠯᠬᠤ ᠦᠬᠡᠢ᠂ ᠪᠣᠯᠠᠭ ᠤᠨ ᠣᠰᠣᠨ ᠳᠤ ᠭᠠᠷ ᠬᠦᠯ ᠢᠶᠠᠨ ᠣᠬᠢᠶᠠᠬᠤ ᠶᠢ ᠴᠡᠭᠡᠷᠯᠡᠵᠦ ᠶᠠᠪᠤ ᠭᠡᠵᠦ ᠰᠣᠷᠭᠠᠳᠠᠭ ᠢᠶᠠᠷ ᠪᠠᠷᠠᠬᠤ ᠦᠬᠡᠢ᠂ ᠣᠪᠣᠭ᠎ᠠ ᠣᠷᠣᠳ ᠤᠨ ᠲᠡᠷᠭᠡᠳᠡᠬᠦᠷ ᠦᠩᠭᠡᠷᠡᠬᠦ ᠳᠤ ᠪᠠᠨ ᠬᠠᠳᠡ ᠴᠢᠯᠠᠭᠤ ᠨᠡᠮᠡᠵᠦ ᠶᠠᠪᠤ᠂ ᠣᠢ ᠣᠷᠭᠤᠮᠡᠯ᠂ ᠪᠣᠷᠭᠠᠰᠣ ᠪᠣᠳᠡ  ᠠᠴᠠ ᠲᠦᠯᠡᠭᠡ ᠮᠣᠳᠣ ᠲᠡᠬᠦᠬᠦ ᠳᠤ ᠪᠠᠨ ᠦᠬᠢᠷ᠎ᠡ ᠬᠠᠭᠤᠷᠡᠢ ᠶᠢ ᠨᠢ ᠲᠡᠬᠦᠬᠦ᠂ ᠠᠮᠢᠳᠣ ᠨᠣᠶᠢᠳᠡᠨ ᠮᠣᠳᠣ ᠪᠣᠷᠭᠠᠰᠣ  ᠶᠢ ᠬᠤᠭᠤᠯᠵᠦ ᠪᠣᠯᠬᠤ ᠦᠬᠡᠢ᠂ ᠬᠡᠷᠪᠡ ᠠᠮᠢᠳᠣ ᠨᠣᠶᠢᠳᠡᠨ ᠮᠣᠳᠣ ᠪᠣᠷᠭᠠᠰᠣ ᠶᠢ ᠬᠤᠭᠤᠯᠪᠠᠯ ᠭᠠᠷ ᠤᠨ ᠴᠢᠨᠢ ᠬᠤᠷᠣᠭᠤ ᠶᠢ ᠬᠤᠭᠤᠯᠣᠨᠨᠰᠠᠨ ᠲᠠᠢ ᠠᠳᠠᠯᠢ ᠪᠣᠯᠣᠨ᠎ᠠ ᠭᠡᠵᠦ ᠴᠡᠭᠡᠷᠯᠡᠯ ᠪᠣᠯᠭᠠᠨ ᠴᠢᠩᠳᠡᠯᠡᠨ ᠰᠣᠷᠭᠠᠬᠤ ᠶᠢ ᠪᠠᠷᠢᠮᠳᠡᠯᠬᠠᠰᠠᠭᠠᠷ ᠢᠷᠡᠭᠰᠡᠨ ᠪᠠᠶᠢᠳᠠᠭ᠃                                  ᠪᠡᠯᠡᠳᠭᠡᠭᠰᠡᠨ ᠨᠢ᠄ ᠭᠧ ᠲᠣᠸᠠᠨ ᠯᠢᠶᠡᠨ  
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号