ᠡᠷᠭᠡ ᠶᠢ ᠰᠣᠷᠭᠠᠬᠤ ᠪᠠᠷ ᠪᠡᠷᠭᠡ ᠶᠢ ᠰᠣᠷᠭ᠎ᠠ
ᠨᠡᠶᠢᠲᠡᠯᠡᠭᠰᠡᠨ ᠴᠠᠭ᠄
2019-02-28
                 ᠡᠷᠭᠡ ᠶᠢ ᠰᠣᠷᠭᠠᠬᠤ ᠪᠠᠷ ᠪᠡᠷᠭᠡ ᠶᠢ ᠰᠣᠷᠭ᠎ᠠ                                   ᠵᠣᠬᠢᠶ᠋ᠬᠠᠴᠢ᠄ ᠯᠢ ᠪᠣᠶᠠᠨᠴᠣᠨᠨᠯᠠ       ︽ᠡᠷᠭᠡ ᠶᠢ ᠰᠣᠷᠭᠠᠬᠤ ᠪᠠᠷ ᠪᠡᠷᠭᠡ ᠶᠢ ᠰᠣᠷᠭ᠎ᠠ︾ ᠭᠡᠳᠡᠭ ᠰᠣᠷᠭᠠᠯ ᠦᠬᠡ ᠨᠢ ᠠᠯᠢ ᠡᠷᠳᠡ ᠮᠣᠩᠭᠤᠯᠴᠣᠳ ᠤᠨ ᠦᠷ᠎ᠡ ᠬᠡᠣᠬᠡᠳ ᠢᠶᠠᠨ ᠰᠣᠷᠭᠠᠨ ᠬᠦᠮᠦᠵᠢᠬᠦᠯᠵᠦ ᠪᠠᠶᠢᠨᠨᠰᠠᠨ ᠬᠦᠨ ᠣᠬᠠᠭᠠᠨᠨᠳᠣ ᠵᠦᠢ ᠶᠣᠰᠣᠨ  ᠳᠤ ᠨᠡᠶᠢᠴᠡᠭᠰᠡᠨ ᠰᠡᠴᠡᠨ ᠰᠠᠶᠢᠬᠠᠨ ᠰᠣᠷᠭᠠᠯ ᠦᠬᠡ ᠶᠣᠮᠰᠠᠨ︕        ᠮᠣᠩᠭᠤᠯᠴᠣᠳ ᠦᠷ᠎ᠡ ᠬᠡᠣᠭᠡᠳ ᠢᠶᠠᠨ ᠶᠡᠷᠦ ᠨᠢ ᠪᠠᠯᠴᠢᠷ ᠪᠠᠭ᠎ᠠ ᠠᠴᠠ ᠨᠢ ᠲᠣᠬᠢᠷᠬᠠᠰᠠᠨ ᠭᠡᠷ ᠪᠦᠯᠢ ᠶᠢᠨ ᠠᠷᠰᠠᠷ ᠠᠵᠢᠯ ᠢ ᠭᠠᠷᠳᠡᠨ ᠬᠢᠯᠭᠡᠳᠡᠭ ᠣᠯᠠᠮᠵᠢᠯᠠᠯᠳᠣ ᠵᠠᠩᠰᠢᠯ ᠲᠠᠢ᠃ ᠲᠠᠷᠣᠢ ᠨᠢᠯᠬ᠎ᠠ ᠬᠡᠣᠭᠡᠳ ᠬᠤᠭᠤᠯᠡ ᠪᠣᠳᠠᠭ᠎ᠠ ᠢᠳᠡᠵᠦ ᠴᠢᠳᠠᠮᠬᠠᠴᠠ ᠪᠠᠷᠠᠭᠤᠨ ᠭᠡᠷ ᠢᠶᠠᠷ ᠢᠶᠠᠨ ᠰᠠᠪᠬ᠎ᠠ ᠪᠠᠷᠢᠬᠤ ᠶᠢ ᠵᠢᠭᠠᠵᠦ᠂ ᠬᠡᠯᠡᠨ ᠳᠤ ᠣᠷᠣᠬᠤᠶ᠎ᠡ ᠡᠷᠭᠡᠯᠡᠬᠦ ᠠᠶᠠᠰ ᠲᠠᠢ ᠦᠬᠡ ᠶᠠᠷᠢᠵᠦ ᠦᠢᠯᠡ ᠭᠠᠷᠭᠠᠬᠤ ᠶᠢ ᠡᠷᠡᠰ ᠬᠤᠷᠢᠨᠨᠯᠠᠨ ᠴᠠᠭᠠᠵᠠᠯᠠᠳᠠᠭ᠃ ᠠᠯᠬᠤᠵᠦ ᠭᠢᠰᠬᠢᠨ ᠶᠠᠪᠣᠵᠦ ᠴᠢᠳᠠᠬᠤ ᠪᠣᠯᠣᠮᠬᠠᠴᠠ ᠲᠦᠷᠪᠡᠨ ᠵᠦᠭ ᠨᠠᠢᠮᠠᠨ ᠵᠣᠪᠬᠢᠰ᠂ ᠲᠡᠭᠡᠷ᠎ᠡ ᠲᠣᠣᠷ᠎ᠡ ᠶᠢ ᠲᠠᠨᠢᠭᠤᠯᠵᠦ᠂ ᠮᠡᠬᠦᠶᠢᠨ ᠬᠦᠨᠳᠣᠳᠭᠡᠵᠦ ᠠᠰᠠᠷᠡᠨ ᠬᠠᠷᠠᠭᠠᠯᠵᠠᠬᠤ ᠶᠢ ᠰᠣᠷᠭᠠᠳᠠᠭ ᠵᠠᠩ ᠵᠠᠩᠰᠢᠯ ᠲᠠᠢ ᠪᠠᠶᠢᠳᠠᠭ ᠲᠣᠳᠣᠷᠬᠠᠢ ᠲᠡᠮᠳᠡᠭᠯᠡᠯ ᠨᠣᠮ ᠪᠢᠴᠢᠭ ᠠᠴᠠ ᠣᠩᠰᠢᠨᠨᠳᠠᠨ᠎ᠠ᠃       ᠮᠣᠩᠭᠤᠯ ᠬᠦᠮᠦᠨ ᠦᠷ᠎ᠡ ᠬᠡᠣᠭᠡᠳ ᠢᠶᠠᠨ ᠬᠠᠷᠠᠬᠠᠨ ᠪᠠᠭ᠎ᠠ ᠠᠴᠠ ᠨᠢ ︽ᠬᠠᠯᠠ ᠨᠢ ᠭᠠᠳᠡᠨ᠎ᠡ ᠪᠠᠨ᠂ ᠬᠠᠶᠢᠷ᠎ᠡ ᠨᠢ ᠲᠣᠳᠣᠷ᠎ᠡ ᠪᠠᠨ︾ ᠬᠡᠮᠡᠨ ᠦᠩᠭᠡᠨ ᠲᠠᠯ᠎ᠠ ᠲᠡᠭᠡᠷ᠎ᠡ ᠪᠠᠨ ᠡᠷᠭᠡᠯᠡᠬᠦᠯᠦᠨ ᠰᠣᠷᠭᠠᠬᠤ ᠶᠢ ᠡᠰᠡᠷᠬᠦᠴᠡᠨ ᠬᠤᠷᠢᠨᠨᠯᠠᠵᠦ ︽ᠡᠷᠭᠡ ᠲᠠᠢ ᠬᠡᠣᠬᠡᠳ ᠡᠴᠢᠭᠡ ᠶᠢᠨ ᠢᠶᠠᠨ ᠲᠣᠯᠣᠭᠠᠢ ᠪᠠᠷ ᠨᠠᠭᠠᠳᠣᠨ᠎ᠠ︾ ᠭᠡᠵᠦ ᠦᠵᠡᠳᠡᠭ᠃ ᠡᠶᠢᠨ ᠬᠦ ᠬᠡᠣᠬᠡᠳ ᠢ ᠶᠡᠷᠦᠨᠢ ᠡᠷᠭᠡᠯᠡᠬᠦᠯᠳᠡᠭ ᠦᠬᠡᠢ᠃ ᠬᠡᠣᠬᠡᠳ ᠢ ᠡᠷᠭᠡᠯᠡᠬᠦᠯᠬᠦ ᠨᠢ ᠲᠡᠳᠡᠨᠣᠰ ᠤᠨ ᠪᠡᠶ᠎ᠡ ᠪᠠᠨ ᠲᠠᠭᠠᠭᠠᠬᠤ ᠴᠢᠳᠡᠪᠦᠷᠢ ᠶᠢ ᠬᠦᠮᠦᠵᠢᠬᠦᠯᠬᠦ ᠳᠤ ᠠᠰᠢᠭ ᠦᠭᠡᠢ ᠪᠠᠶᠢᠳᠠᠭ᠃ ᠦᠷ᠎ᠡ ᠬᠡᠣᠬᠡᠳ ᠪᠣᠯ ᠡᠴᠢᠬᠡ ᠡᠬᠡ ᠶᠢᠨ ᠢᠶᠠᠨ ᠠᠮᠢᠨ ᠰᠠᠬᠢᠭᠤᠰᠣ᠂ ᠦᠷ᠎ᠡ ᠪᠢᠰᠢ ᠵᠢᠷᠦᠬᠡ ᠪᠠᠶᠢᠳᠠᠭ᠃ ᠦᠷ᠎ᠡ ᠬᠡᠣᠬᠡᠳ ᠢᠶᠠᠨ ᠬᠠᠶᠢᠷᠠᠯᠠᠬᠤ ᠴᠢᠳᠠᠬᠤ ᠡᠰᠡᠬᠦ ᠨᠢ ᠪᠠᠰᠠ ᠴᠦ ᠨᠢᠭᠡᠨ ᠰᠢᠨᠵᠢᠯᠡᠬᠦ ᠣᠬᠠᠭᠠᠨᠴᠢ ᠨᠢᠭᠤᠴᠡ ᠪᠠᠶᠢᠭ᠎ᠠ ᠶᠤᠮ᠃ ᠣᠳᠣᠬᠠᠨ ᠤ ᠭᠠᠭᠴᠠ ᠬᠤᠶᠡᠷ ᠬᠡᠣᠬᠡᠳ ᠭᠡᠷ ᠪᠦᠯᠢ ᠳᠤ ᠪᠠᠨ ᠪᠦᠷ ︽ᠬᠠᠭᠠᠨ  ᠪᠠᠶᠢᠵᠦ︾᠂ ︽ᠠᠮᠠᠨ ᠳᠤ ᠪᠠᠨ ᠬᠢᠪᠡᠯ ᠬᠠᠶᠢᠯᠠᠮᠠᠷ᠂ ᠠᠯᠠᠭᠠᠨ ᠲᠡᠭᠡᠷ᠎ᠡ ᠪᠠᠨ ᠲᠠᠯᠪᠢᠪᠠᠯ ᠪᠦᠮᠪᠦᠷᠢᠮᠡᠷ︾ ᠰᠠᠨᠠᠵᠦ᠂ ᠡᠷᠬᠡ ᠶᠢ ᠰᠣᠷᠬᠤ ᠪᠠᠨ ᠪᠢᠰᠢ ᠪᠡᠷᠬᠡ ᠶᠢ ᠰᠣᠷᠬᠤ ᠦᠬᠡᠢ ᠠᠯᠵᠠᠭᠤ ᠵᠠᠯᠬᠠᠭᠤ ᠠᠷᠳᠠᠭ ᠲᠠᠩᠬᠠᠢ ᠪᠣᠯᠵᠦ ᠪᠠᠶᠢᠭ᠎ᠠ ᠭᠤᠨᠢᠨᠨᠳᠣ ᠦᠵᠡᠭᠳᠡᠯ ᠢ ᠦᠨᠡᠨ ᠬᠦ ᠰᠡᠷᠡᠨ ᠮᠡᠳᠡᠵᠦ ᠰᠡᠳᠭᠢᠯᠴᠢᠯᠡᠨ ᠵᠠᠰᠠᠬᠤ ᠶᠠᠪᠣᠳᠡᠯ ᠪᠠᠴᠢᠮ ᠲᠣᠯᠭᠠᠮ᠎ᠠ ᠱᠠᠭᠠᠷᠳ᠋ᠬᠠᠳᠠᠵᠦ ᠪᠠᠶᠢᠨ᠎ᠠ᠃      ︽ᠡᠷᠬᠡ ᠶᠢ ᠰᠣᠷᠬᠤ︾ ᠨᠢ ᠦᠪᠡᠷ ᠤᠨ ᠪᠡᠶ᠎ᠡ ᠳᠤ ᠠᠰᠢᠭ ᠦᠬᠡᠢ ᠮᠦᠷᠳᠡᠬᠡᠨ ᠬᠤᠣᠷ ᠲᠠᠢ ᠪᠠᠶᠢᠵᠦ᠂ ︽ᠪᠡᠷᠬᠡ ᠶᠢ ᠰᠣᠷᠬᠤ︾ ᠨᠢ ᠠᠮᠢᠳᠣᠷᠡᠯ ᠦᠢᠯᠡᠰ ᠲᠤ ᠠᠰᠢᠳᠡ ᠲᠣᠰᠠᠳᠡᠢ ᠪᠣᠯᠬᠤᠷ ᠬᠡᠣᠬᠡᠳ ᠢᠶᠠᠨ ᠰᠣᠷᠭᠠᠬᠤ ᠳᠤ  ᠪᠠᠨ ︽ ᠡᠷᠬᠡ ᠶᠢ ᠰᠣᠷᠭᠠᠬᠤ ᠳᠤ ᠪᠡᠷᠬᠡ ᠶᠢ ᠰᠣᠷᠭ᠎ᠠ︾ ᠭᠡᠰᠡᠨ ᠣᠯᠠᠮᠵᠢᠯᠠᠯᠳᠣ ᠰᠣᠷᠭᠠᠯ ᠦᠬᠡ ᠶᠢᠨ ᠣᠭ ᠰᠠᠨᠠᠭ᠎ᠠ ᠶᠢ ᠭᠦᠨᠵᠡᠭᠡᠢ ᠣᠶᠢᠯᠠᠭᠠᠵᠦ᠂ ᠰᠣᠷᠣᠨᠨᠰᠠᠨ ᠮᠡᠳᠡᠯᠬᠡ ᠰᠣᠳᠣᠨ ᠣᠬᠠᠭᠠᠨ ᠬᠦᠴᠦᠨ ᠴᠢᠳᠡᠯ ᠢᠶᠠᠨ ᠨᠡᠶᠢᠭᠡᠮ  ᠳᠤ ᠪᠠᠨ ᠡᠷᠬᠦᠵᠦ᠂ ᠨᠡᠶᠢᠳᠡ ᠳᠤ ᠪᠠᠨ ᠵᠣᠷᠢᠭᠤᠯᠵᠦ ᠶᠠᠪᠣᠬᠤ ᠨᠢ ᠵᠠᠯᠠᠭᠤ ᠡᠴᠢᠭᠡ ᠡᠬᠡ ᠪᠣᠯᠣᠨᠨᠰᠠᠳ ᠤᠨ ᠴᠢᠬᠤᠯᠡ ᠬᠠᠷᠢᠭᠤᠴᠠᠯᠭ᠎ᠠ ᠰᠢᠣ ᠳ᠋ᠠ︕
 
ᠢᠷᠡᠯᠲᠡ᠄ ᠲᠣᠮᠳᠡᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号