ᠭᠡᠷ ᠤᠨ ᠬᠦᠮᠦᠵᠢᠯ ᠤᠨ ᠲᠠᠪᠦᠨ ᠣᠬᠠᠮᠰᠠᠷ
ᠨᠡᠶᠢᠲᠡᠯᠡᠭᠰᠡᠨ ᠴᠠᠭ᠄
2019-02-28
                 ᠭᠡᠷ ᠤᠨ ᠬᠦᠮᠦᠵᠢᠯ ᠤᠨ ᠲᠠᠪᠦᠨ ᠣᠬᠠᠮᠰᠠᠷ                                   ᠵᠣᠬᠢᠶ᠋ᠬᠠᠴᠢ᠄  ᠮᠠᠩᠭᠤᠳ ᠪᠦᠬᠡ      ᠬᠡᠣᠬᠡᠳ ᠤᠨ ᠡᠷᠡᠬᠦᠯ ᠦᠰᠦᠨ ᠪᠣᠶᠢᠵᠢᠯᠳᠡ ᠨᠢ ᠭᠡᠷ ᠤᠨ ᠬᠦᠮᠦᠵᠢᠯ᠂ ᠰᠣᠷᠭᠠᠭᠤᠯᠢ ᠶᠢᠨ ᠬᠦᠮᠦᠵᠢᠯ᠂ ᠨᠡᠶᠢᠭᠡᠮ ᠤᠨ ᠬᠦᠮᠦᠵᠢᠯ ᠤᠨ ᠠᠯᠢᠨ ᠠᠴᠠ ᠴᠦ ᠰᠠᠯᠵᠦ ᠪᠣᠯᠣᠰᠢ ᠦᠭᠡᠢ ᠪᠠᠶᠢᠳᠠᠭ᠃ ᠨᠡᠩ ᠣᠨᠴᠠᠭᠠᠶᠢᠯᠡᠨ ᠭᠡᠷ ᠪᠦᠯᠢ ᠶᠢᠨ ᠬᠦᠮᠦᠵᠢᠯ ᠪᠣᠯ ᠶᠡᠷᠦᠨᠢ ᠬᠠᠮᠤᠭ ᠠᠴᠠ ᠢᠯᠡᠬᠦᠦ ᠣᠮᠳᠣᠭᠠᠶᠢᠯᠠᠵᠦ ᠪᠣᠯᠣᠰᠢ ᠦᠭᠡᠢ ᠠᠩᠬᠠᠨ ᠤ ᠬᠦᠮᠦᠵᠢᠯ ᠪᠣᠯᠬᠤ ᠶᠣᠮ᠃ ᠭᠡᠷ ᠪᠦᠯᠢ ᠶᠢᠨ ᠬᠦᠮᠦᠵᠢᠯ ᠭᠡᠵᠦ ᠲᠣᠷᠠᠳᠬᠤ ᠠᠴᠠ ᠬᠡᠣᠭᠡᠳ ᠢᠶᠠᠨ ᠲᠠᠨᠢᠬᠤ᠂ ᠬᠡᠣᠭᠡᠳ  ᠢᠶᠠᠨ ᠬᠦᠨᠳᠣᠳᠭᠡᠬᠦ᠂ ᠬᠡᠣᠭᠡᠳ ᠢᠶᠠᠨ ᠬᠦᠨᠳᠣᠳᠭᠡᠬᠦ᠂ ᠬᠡᠣᠭᠡᠳ ᠢᠶᠠᠨ ᠢᠳᠡᠭᠡᠬᠦ᠂ ᠬᠡᠣᠭᠡᠳ ᠢᠶᠠᠨ ᠪᠠᠭ᠋ᠠᠷᠬᠠᠬᠤ ᠨᠢ ᠲᠣᠩ ᠴᠢᠬᠤᠯᠠ ᠪᠠᠶᠢᠳᠠᠭ ᠢ ᠭᠡᠷ ᠤᠨ ᠠᠬᠠᠮᠠᠳ ᠠᠩᠬᠠᠷᠣᠯ ᠳᠤ ᠪᠠᠨ ᠠᠪᠬᠤ ᠴᠢᠬᠤᠯᠠᠳᠡᠢ ᠶᠣᠮ᠃       ᠨᠢᠭᠡ᠂ ᠲᠡᠯᠡᠬᠡᠢ ᠲᠡᠭᠡᠷ᠎ᠡ ︽ ᠮᠠᠭᠤ ᠬᠡᠣᠭᠡᠳ︾ ᠭᠡᠵᠦ ᠪᠠᠶᠢᠳᠠᠭ ᠦᠭᠡᠢ ᠰᠢᠣ︕ ᠰᠢᠯᠢᠳᠡᠭ ᠭᠡᠷ ᠤᠨ ᠠᠬᠠᠮᠠᠳ ᠤᠨ ᠨᠢᠳᠣᠨ ᠳᠤ ᠶᠡᠷᠦ ᠨᠢ ᠠᠳᠠᠭ ᠮᠠᠭᠤ ᠬᠡᠣᠭᠡᠳ ᠭᠡᠵᠦ ᠪᠠᠶᠢᠳᠠᠭ ᠦᠭᠡᠢ ᠶᠣᠮ᠂ ᠣᠴᠢᠷ ᠨᠢ ︽ ᠰᠠᠶᠢᠨ ᠬᠡᠣᠬᠡᠳ︾ ᠪᠣᠯᠭᠠᠨ ᠬᠦᠮᠦᠵᠢᠬᠦᠯᠬᠦ ᠶᠠᠪᠣᠴᠡ ᠳᠤ ᠲᠣᠮᠣᠴᠣᠣᠯ ᠵᠦᠪᠬᠡᠨ ᠬᠡᠣᠬᠡᠳ ᠢ ᠣᠶᠢᠯᠠᠭᠠᠵᠦ᠂ ᠵᠣᠷᠢᠨᠨᠵᠢᠭᠤᠯᠵᠦ᠂ ᠪᠠᠭ᠋ᠠᠷᠬᠠᠨ ᠬᠠᠶᠢᠷᠠᠯᠠᠬᠤ ᠯᠡ ᠶᠣᠰᠣᠳᠡᠢ ᠶᠣᠮ᠃ ᠲᠣᠮᠣᠴᠣᠣᠯ ᠤᠨ ᠵᠣᠷᠢᠨᠨᠵᠢᠭᠤᠯᠣᠯ ᠬᠡᠳᠣᠢ ᠠᠷᠪᠢᠨ ᠪᠣᠯ ᠬᠡᠣᠬᠡᠳ ᠤᠨ ᠢᠳᠡᠭᠡᠯ ᠲᠡᠳᠦᠢ ᠨᠡᠮᠡᠭᠳᠡᠳᠡᠭ᠃ ᠡᠴᠢᠭᠡ ᠡᠬᠡ ᠶᠢᠨ ᠲᠠᠭᠤᠷᠢᠶᠠᠯ ᠤᠨ ᠬᠦᠴᠦᠨ ᠪᠠ ᠵᠣᠷᠢᠨᠨᠵᠢᠭᠤᠯᠣᠯ ᠤᠨ ᠬᠦᠴᠦᠨ ᠤ ᠠᠤᠭ᠎ᠠ ᠴᠢᠳᠡᠯ ᠢ ᠲᠦᠰᠦᠭᠡᠯᠡᠬᠦ ᠶᠢᠨ ᠠᠷᠭ᠎ᠠ ᠦᠭᠡᠢ ᠪᠠᠶᠢᠳᠠᠭ ᠶᠤᠮ᠃       ᠬᠤᠶᠡᠷ᠂ ᠬᠡᠣᠭᠡᠳ ᠢᠶᠠᠨ ᠬᠠᠶᠢᠷᠠᠯᠠᠬᠤ ᠶᠢᠨ ᠣᠷᠢᠳᠡᠯ ᠨᠢ ᠬᠡᠣᠭᠡᠳ ᠢᠶᠠᠨ ᠣᠶᠢᠯᠠᠭᠠᠬᠤ ᠳᠤ ᠪᠣᠢ᠃ ︽ᠬᠡᠣᠬᠡᠳ ᠤᠨ 10  ᠨᠠᠰᠣᠨ ᠠᠴᠠ ᠡᠮᠦᠨᠡᠬᠢ ᠦᠶ᠎ᠡ ᠪᠣᠯ ᠡᠴᠢᠬᠡ ᠡᠬᠡ ᠪᠠᠨ ᠰᠢᠳᠣᠨ ᠪᠢᠰᠢᠷᠡᠬᠦ ᠱᠠᠳᠣ᠂ 20 ᠨᠠᠰᠣᠨ ᠠᠴᠠ ᠡᠮᠦᠨ᠎ᠡ ᠪᠣᠯ ᠡᠴᠢᠬᠡ ᠡᠬᠡ ᠪᠠᠨ ᠬᠦᠩᠭᠡᠪᠴᠢᠯᠡᠬᠦ ᠱᠠᠳᠣ᠂ 30  ᠨᠠᠰᠣᠨ ᠠᠴᠠ ᠡᠮᠦᠨ᠎ᠡ ᠪᠣᠯ ᠡᠴᠢᠬᠡ ᠡᠬᠡ ᠪᠠᠨ ᠣᠶᠢᠯᠠᠭᠠᠬᠤ ᠱᠠᠳᠣ᠂ 40  ᠨᠠᠰᠣ ᠪᠣᠯ ᠡᠴᠢᠬᠡ ᠡᠬᠡ ᠪᠠᠨ ᠬᠦᠨ ᠬᠠᠶᠢᠷᠠᠯᠠᠬᠤ ᠦᠶ᠎ᠡ᠂ 50 ᠨᠠᠰᠣ ᠪᠣᠯ ᠰᠠᠶ᠋ᠢ ᠦᠪᠡᠷ ᠤᠨ ᠡᠴᠢᠬᠡ ᠡᠬᠡ ᠪᠠᠨ ᠵᠢᠩᠭᠢᠨᠢ ᠪᠠᠷ ᠣᠶᠢᠯᠠᠭᠠᠬᠤ ᠦᠶ᠎ᠡ᠂ 60  ᠨᠠᠰᠣ ᠪᠣᠯ ᠡᠴᠢᠬᠡ ᠡᠬᠡ ᠪᠠᠨ ᠠᠰᠠᠷᠠᠵᠦ ᠡᠨᠡᠷᠢᠬᠦ ᠪᠣᠶᠣ ᠲᠣᠷᠠᠳᠬᠠᠨ ᠮᠦᠷᠦᠭᠡᠳᠬᠦ  ᠴᠠᠭ ᠦᠶ᠎ᠡ ᠪᠣᠯᠣᠨ᠎ᠠ︾ ᠭᠡᠵᠦ ᠰᠣᠳᠣᠯᠭᠠᠳᠠᠳ ᠦᠵᠡᠵᠦ ᠪᠣᠢ᠂ ᠡᠶᠢᠮᠦ ᠠᠴᠠ10 —20 ᠨᠠᠰᠣᠨ ᠤ ᠱᠠᠳᠣ ᠪᠣᠯ ᠡᠴᠢᠭᠡ ᠡᠬᠡ ᠪᠠ ᠬᠡᠣᠬᠡᠳ ᠤᠨ ᠬᠤᠭᠤᠷᠣᠨᠳᠣᠬᠢ ᠵᠦᠷᠢᠴᠡᠯ ᠮᠦᠷᠬᠦᠯᠳᠦᠬᠡᠨ ᠬᠤᠷᠴᠠᠳᠬᠤ ᠦᠶ᠎ᠡ ᠪᠣᠯᠣᠨ᠎ᠠ᠃ ᠡᠬᠦᠨ ᠤ ᠬᠠᠮᠤᠭ ᠤᠨ ᠴᠢᠬᠤᠯᠡ ᠰᠡᠳᠬᠢᠴᠡ ᠶᠢᠨ ᠢᠯᠡᠷᠡᠯ ᠨᠢ ᠬᠡᠣᠬᠡᠳ ᠤᠨ ᠦᠪᠡᠷ ᠪᠢ ᠶᠢᠨ ᠣᠬᠠᠮᠰᠠᠷ ᠬᠠᠮᠤᠭ ᠤᠨ ᠴᠢᠩᠭ᠎ᠠ ᠪᠠᠶᠢᠳᠠᠭ᠃ ᠡᠨᠡ ᠦᠶ᠎ᠡ ᠳᠤ ᠬᠡᠣᠬᠡᠳ ᠶᠡᠷᠦ ᠨᠢ ᠲᠣᠰᠭᠠᠷᠯᠠᠬᠤ ᠶᠢ ᠬᠦᠰᠡᠪᠡᠴᠦ ᠠᠷᠭ᠎ᠠ ᠶᠠᠳᠠᠵᠦ᠂ ᠴᠢᠩᠭ᠎ᠠ ᠰᠢᠯᠢᠯᠳᠡ ᠶᠢᠨ ᠬᠠᠷᠠᠴᠡ ᠪᠠᠷ ᠡᠴᠢᠭᠡ ᠡᠬᠡ ᠪᠠ ᠨᠡᠶᠢᠭᠡᠮ ᠢ ᠰᠢᠨᠵᠢᠳᠡᠭ ᠢᠩᠭᠡᠭᠡᠳ ᠮᠦᠷᠬᠦᠯᠳᠦᠬᠡᠨ ᠡᠬᠦᠰᠳᠡᠭ᠃ ᠡᠨᠡ ᠬᠦ ᠮᠦᠷᠬᠦᠯᠳᠦᠬᠡᠨ ᠨᠢ ᠦᠨᠡᠨᠳᠡᠭᠡᠨ ᠬᠤᠶᠡᠷ ᠦᠶ᠎ᠡ ᠶᠢᠨ ᠬᠦᠮᠦᠨ ᠤ ᠰᠡᠳᠬᠢᠴᠡ ᠶᠢᠨ ᠬᠦᠭᠵᠢᠯᠳᠡ ᠶᠢᠨ ᠬᠢᠷᠢ ᠲᠦᠪᠰᠢᠨ ᠤ ᠢᠯᠭᠠᠭ᠎ᠠ ᠪᠣᠶᠣ ᠮᠡᠳᠡᠯᠬᠡ  ᠶᠢᠨ ᠦᠨᠳᠣᠷᠴᠡ᠂ ᠠᠮᠢᠳᠣᠷᠡᠯ ᠤᠨ ᠲᠣᠷᠰᠢᠯᠭ᠎ᠠ ᠵᠢᠴᠢ ᠰᠢᠨ᠎ᠡ ᠮᠡᠳᠡᠯᠬᠡ ᠲᠠᠢ ᠵᠣᠬᠢᠴᠠᠯᠳᠣᠨᠨᠰᠠᠨ ᠴᠢᠳᠠᠪᠦᠷᠢ ᠶᠢᠨ ᠢᠯᠭᠠᠭ᠎ᠠ ᠠᠴᠠ ᠪᠣᠯᠣᠨᠨᠰᠠᠨ ᠪᠠᠶᠢᠨ᠎ᠠ᠃       ᠭᠤᠷᠪᠡ᠂  ᠬᠡᠣᠭᠡᠳ ᠢ ᠬᠦᠨᠳᠣᠳᠭᠡᠬᠦ ᠬᠡᠷᠡᠭᠳᠡᠢ᠃ ᠣᠯᠡᠨ ᠣᠯᠣᠰ ᠤᠨ ᠬᠤᠯᠪᠣᠭᠠᠳᠣ ᠪᠠᠶᠢᠭᠤᠯᠣᠯᠭ᠎ᠠ ᠶᠢᠨ ᠨᠡᠶᠢᠳᠡᠯᠡᠭᠰᠡᠨ ︽ ᠬᠡᠣᠬᠡᠳ ᠤᠨ ᠡᠷᠬᠡ ᠶᠢᠨ ᠨᠡᠶᠢᠳᠡ ᠶᠢᠨ ᠬᠡᠷ᠎ᠡ︾ ᠳᠤ ︽ ᠬᠡᠣᠬᠡᠳ ᠤᠨ ᠣᠷᠣᠰᠢᠨ ᠠᠮᠢᠳᠣᠷᠠᠬᠤ ᠡᠷᠬᠡ᠂ ᠬᠦᠭᠵᠢᠬᠦ ᠡᠷᠬᠡ᠂ ᠬᠠᠮᠠᠭᠠᠯᠬᠠᠳᠠᠬᠤ ᠡᠷᠬᠡ᠂ ᠭᠡᠷ ᠪᠦᠯᠢ ᠶᠢᠨ ᠬᠡᠷᠡᠭ ᠲᠤ ᠣᠷᠣᠯᠴᠠᠬᠤ ᠡᠷᠬᠡ᠂ ᠨᠡᠶᠢᠭᠡᠮ ᠠᠮᠢᠳᠣᠷᠡᠯ ᠤᠨ ᠡᠷᠬᠡ ᠶᠢ ᠬᠦᠨᠳᠣᠳᠭᠡᠬᠦ ᠬᠡᠷᠡᠭᠳᠡᠢ︾ ᠭᠡᠵᠦ ᠵᠢᠭᠠᠵᠦ ᠭᠠᠷᠭᠠᠵᠡᠢ᠃ ᠭᠡᠬᠦ ᠳᠤ ᠵᠠᠷᠢᠮ ᠭᠡᠷ ᠤᠨ ᠠᠬᠠᠮᠠᠳ᠄ ︽ᠡᠶᠢᠮᠦ ᠪᠠᠭ᠎ᠠ ᠬᠡᠣᠬᠡᠳ ᠶᠠᠮᠡᠷ ᠠᠷᠪᠢᠨ ᠡᠷᠭᠡ ᠲᠠᠢ ᠪᠣᠢ︖ ᠡᠨᠡ ᠣᠯᠡᠨ ᠡᠷᠭᠡ ᠶᠢ ᠣᠯᠭᠤᠪᠠᠯ ᠲᠡᠳᠠᠨᠣᠰ ᠢ ᠬᠠᠮᠢᠶᠠᠷᠴᠦ ᠲᠡᠶᠢᠯᠬᠦ ᠶᠣᠮ ᠤᠤ︖︾ ᠭᠡᠵᠦ ᠣᠨᠳᠣᠭᠤᠴᠠᠳᠠᠭ᠃ ᠦᠨᠡᠨᠳᠡᠭᠡᠨ ᠡᠴᠢᠭᠡ ᠡᠬᠡ ᠬᠡᠣᠬᠡᠳ  ᠤᠨ ᠢᠶᠠᠨ ᠡᠷᠬᠡ ᠠᠰᠢᠭ ᠢ ᠬᠦᠨᠳᠣᠳᠬᠡᠵᠦ᠂ ᠲᠡᠷᠡᠴᠢᠯᠡᠨ ᠬᠡᠣᠬᠡᠳ ᠲᠡᠭᠡᠨ ᠦᠪᠡᠷ ᠤᠨ ᠡᠷᠬᠡ ᠠᠰᠢᠭ ᠢᠶᠠᠨ ᠬᠡᠷᠬᠢᠨ ᠨᠠᠨᠳᠢᠩᠨᠠᠬᠤ ᠶᠢ ᠵᠢᠭᠠᠵᠦ ᠵᠢᠯᠣᠭᠤᠳᠬᠤ ᠦᠶ᠎ᠡ ᠳᠤ ᠰᠠᠶ᠋ᠢ ᠵᠢᠩᠭᠢᠨᠢ ᠰᠣᠷᠭᠠᠨ ᠬᠦᠮᠦᠵᠢᠯ ᠡᠬᠢᠯᠡᠳᠡᠭ᠃        ᠲᠦᠷᠪᠡ᠂ ᠲᠠ ᠬᠡᠣᠬᠡᠳ ᠢᠶᠠᠨ ᠵᠠᠪᠠᠯ ᠢᠳᠡᠭᠡᠭᠡᠷᠡᠢ᠃ ᠢᠳᠡᠭᠡᠯ ᠬᠦᠷᠳᠡᠭᠰᠡᠨ ᠬᠡᠣᠬᠡᠳ ᠰᠠᠶ᠋ᠢ ᠵᠣᠷᠢᠭ ᠲᠠᠢ ᠪᠠᠶᠢᠳᠠᠭ᠃ ᠲᠡᠭᠡᠬᠦ ᠪᠠᠷ ᠬᠡᠣᠬᠡᠳ ᠲᠤ ᠵᠠᠪᠠᠯ ᠰᠣᠷᠬᠤ ᠶᠢᠨ ᠢᠳᠡᠭᠡᠯ ᠬᠠᠶᠢᠷᠠᠯᠠᠵᠦ᠂ ᠬᠡᠣᠬᠡᠳ ᠲᠤ ᠪᠠᠨ ᠦᠪᠡᠷ ᠤᠨ ᠴᠢᠳᠠᠪᠦᠷᠢ ᠪᠠᠷ ᠢᠶᠠᠨ ᠬᠦᠰᠡᠵᠦ ᠰᠠᠨ᠋ᠬᠠᠰᠠᠨ ᠵᠣᠷᠢᠯᠭ᠎ᠠ ᠳᠤ ᠪᠠᠨ ᠬᠦᠷᠬᠦ ᠶᠢ ᠵᠣᠷᠢᠨᠨᠵᠢᠭᠤᠯᠣᠭᠠᠷᠠᠢ᠃        ᠲᠠᠪᠦ᠂ ᠪᠠᠭ᠋ᠠᠷᠬᠠᠬᠤ ᠨᠢ ᠠᠮᠵᠢᠯᠳᠡ ᠳᠤ ᠬᠦᠷᠭᠡᠳᠡᠭ᠃ ᠪᠠᠭ᠋ᠠᠷᠬᠠᠬᠤ ᠰᠣᠷᠭᠠᠨ ᠬᠦᠮᠦᠵᠢᠯ ᠤᠨ ᠰᠠᠶᠢᠨ ᠲᠠᠯ᠎ᠠ ᠶᠢ ᠮᠡᠳᠡᠷᠡᠵᠦ᠂ ᠬᠡᠣᠬᠡᠳ ᠤᠨ ᠬᠤᠭᠤᠷᠣᠨᠳᠣ ᠵᠦᠷᠢᠶ᠎ᠡ ᠲᠠᠢ ᠪᠠᠶᠢᠳᠠᠭ ᠢ ᠣᠶᠢᠯᠠᠭᠠᠵᠦ᠂ ᠬᠡᠣᠬᠡᠳ ᠤᠨ ᠲᠠᠪᠠᠭᠤᠯᠢᠭ ᠲᠠᠯ᠎ᠠ ᠶᠢ ᠰᠦᠪᠡᠭᠴᠢᠯᠡᠵᠦ᠂ ᠬᠡᠣᠬᠡᠳ ᠦᠴᠦᠬᠡᠨ ᠲᠠᠪᠰᠢᠯᠳᠡ ᠲᠠᠢ ᠪᠠᠶᠢᠨᠨᠰᠠᠨ ᠴᠦ ᠲᠡᠭᠦᠨ ᠢᠶᠠᠷ ᠨᠢ ᠪᠠᠭ᠋ᠠᠷᠬᠠᠵᠦ ᠶᠠᠪᠣᠪᠠᠯ ᠵᠣᠬᠢᠨ᠎ᠠ᠃
 
ᠢᠷᠡᠯᠲᠡ᠄ ᠲᠣᠮᠳᠡᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号