| ᠬᠤᠳᠣᠭᠲᠣ ᠨᠢᠭᠤᠴᠠ ᠲᠠᠷᠨᠢ ᠶᠢᠨ ᠶᠡᠭᠡ ᠠᠮᠣᠭᠤᠯᠠᠩ ᠰᠦᠮ᠎ᠡ ᠪᠣᠷᠬᠠᠨ ᠤ ᠱᠠᠰᠢᠨ ᠤ ᠮᠣᠩᠭᠤᠯ ᠰᠦᠮ᠎ᠡ | ᠃ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠲᠦᠩᠯᠢᠶᠣᠣ ᠬᠤᠲᠠ ᠶᠢᠨ ᠰᠢᠷᠠᠮᠦ᠋ᠷᠡᠨ ᠴᠡᠴᠡᠷᠯᠢᠭ ᠤᠨ | ᠬᠤᠶᠢᠨ᠎ᠠ ᠪᠠᠶᠢᠷᠢᠰᠢᠵᠤ ᠪᠣᠢ᠃ ᠰᠦᠮ᠎ᠡ ᠶᠢᠨ ᠶᠡᠷᠣᠩᠬᠡᠢ ᠲᠠᠯᠠᠪᠠᠢ ᠶᠢᠨ ᠡᠵᠡᠯᠡᠭᠦᠨ ᠨᠢ28000 ᠲᠡᠭᠰᠢ | ᠲᠦᠷᠪᠡᠯᠵᠢᠨ ᠮᠧᠲᠷ ᠪᠠᠶᠢᠵᠤ᠂ ᠴᠣᠭᠴᠢᠨ ᠳᠣᠭᠠᠩ ᠮᠠᠬᠠᠷᠠᠨᠽᠠ ᠶᠢᠨ ᠳᠣᠭᠠᠩ᠂ ᠰᠦᠮ᠎ᠡ ᠶᠢᠨ ᠶᠡᠭᠡ ᠡᠭᠦᠳᠡ᠂3 | ᠰᠣᠪᠤᠷᠭ᠎ᠠ᠂2 ᠬᠤᠷᠯᠣ ᠶᠢᠨ ᠲᠢᠩᠰᠠ᠂3 ᠪᠠᠭ᠎ᠠ ᠰᠦᠮ᠎ᠡ᠂ ᠯᠠᠮᠠ ᠬᠤᠸᠠᠷᠠᠭ ᠤᠨ ᠦᠷᠦᠭᠡ ᠪᠠᠶᠢᠷᠢ ᠵᠡᠷᠭᠡ ᠪᠠᠷ | ᠪᠦᠷᠢᠯᠳᠦᠵᠦ᠂ ᠲᠣᠮᠣ ᠵᠣᠴᠢᠳ ᠤᠨ ᠪᠠᠭᠤᠳᠠᠯ ᠪᠠ ᠬᠤᠭᠤᠯᠠᠨ ᠭᠡᠷ ᠲᠠᠢ᠃ ᠲᠣᠰ ᠰᠦᠮ᠎ᠡ ᠶᠢᠨ ᠡᠵᠡᠨ ᠯᠠᠮᠠ ᠪᠣᠥ | ᠲᠢᠶᠠᠨ ᠬᠣ᠋ ᠦᠪᠦᠷ ᠮᠣᠩᠭᠤᠯ᠂ ᠰᠢᠨᠵᠢᠶᠠᠩ᠂ ᠱᠧᠨᠵᠧᠨ ᠵᠡᠷᠭᠡ ᠭᠠᠵᠠᠷ ᠠᠴᠠ1000 ᠭᠠᠷᠣᠢ ᠲᠦᠮᠡᠨ | ᠲᠦᠬᠦᠷᠢᠭ ᠤᠨ ᠪᠡᠯᠡ ᠬᠤᠷᠠᠮᠳᠣᠭᠤᠯᠣᠭᠠᠳ᠂1993 ᠣᠨ ᠠᠴᠠ ᠡᠬᠢᠯᠡᠨ8 ᠵᠢᠯ ᠤᠨ ᠬᠤᠭᠤᠴᠠᠭ᠎ᠠ ᠬᠡᠷᠡᠭᠰᠡᠨ | ᠪᠠᠶᠢᠵᠦ ᠰᠠᠶ᠋ᠢ ᠪᠠᠷᠢᠵᠤ ᠳᠠᠭᠤᠰᠬᠠᠪᠠ᠃ ᠴᠣᠭᠴᠢᠨ ᠳᠣᠭᠠᠩ ᠢ ᠬᠦᠮᠪᠤᠮ ᠰᠦᠮ᠎ᠡ ᠶᠢᠨ ᠪᠠᠭ᠎ᠠ ᠠᠯᠳᠠᠨ ᠳᠡᠭᠡᠪᠦᠷᠲᠦ | ᠳᠣᠭᠠᠩ ᠢ ᠳᠠᠭᠤᠷᠢᠶᠠᠨ ᠪᠠᠷᠢᠵᠤ᠂ ᠪᠤᠷᠬᠠᠨ ᠤ ᠬᠦᠷᠦᠭ ᠨᠢ ᠪᠦᠷ ᠨᠧᠫᠡᠯ᠂ ᠲᠠᠢ ᠣᠯᠣᠰ ᠵᠡᠷᠭᠡ ᠣᠯᠣᠰ ᠠᠴᠠ | ᠵᠠᠯᠠᠵᠤ ᠢᠷᠡᠭᠰᠡᠨ ᠭᠠᠣᠯᠢ ᠪᠠᠷ ᠱᠣᠭᠤᠵᠣ ᠠᠯᠲᠠ ᠰᠠᠭᠤᠯᠭᠠᠭᠰᠠᠨ ᠪᠣᠷᠬᠠᠨ ᠪᠣᠯᠣᠨ᠎ᠠ᠃ ᠲᠣᠰ ᠰᠦᠮ᠎ᠡ ᠵᠢᠯ | ᠪᠦᠷᠢ4 ᠤᠳᠠᠭ᠎ᠠ ᠶᠢᠨ ᠨᠣᠮ ᠤᠨ ᠬᠤᠷᠠᠯ ᠲᠠᠢ᠄ ᠴᠠᠭᠠᠨ ᠰᠠᠷ᠎ᠠ ᠶᠢᠨ15 ᠳᠡᠭᠡᠨ ᠢᠷᠦᠭᠡᠯ ᠬᠤᠷᠠᠳᠠᠭ᠃4 | ᠰᠠᠷ᠎ᠠ ᠶᠢᠨ ᠰᠢᠨ᠎ᠡ ᠶᠢᠨ8 ᠠᠴᠠ15 ᠪᠤᠯᠳᠠᠯ᠎ᠠ ᠮᠠᠨᠢ ᠶᠢᠨ ᠬᠤᠷᠠᠯ ᠲᠠᠢ᠃7ᠰᠠᠷ᠎ᠠ ᠶᠢᠨ ᠰᠢᠨ᠎ᠡ ᠶᠢᠨ7 ᠠᠴᠠ15 | ᠪᠤᠯᠳᠠᠯ᠎ᠠ ᠲᠣᠨᠢᠯᠣᠭᠰᠠᠳ ᠢ ᠬᠡᠳᠣᠯᠭᠡᠬᠦ ᠨᠣᠮ ᠤᠨ ᠬᠤᠷᠠᠯ ᠲᠠᠢ᠃10 ᠰᠠᠷ᠎ᠠ ᠶᠢᠨ25 ᠳᠤ ᠽᠦ᠋ᠩᠺᠸᠠ ᠶᠢᠨ | ᠮᠡᠨᠳᠣᠯᠡᠭᠰᠡᠨ ᠡᠳᠦᠷ ᠢ ᠪᠡᠯᠬᠡᠯᠡᠨ ᠮᠢᠩᠭᠠᠨ ᠵᠣᠯᠠ ᠠᠰᠠᠭᠠᠨ᠎ᠠ᠃ ᠲᠣᠰ ᠰᠦᠮ᠎ᠡ ᠶᠢᠨ ᠨᠡᠷ᠎ᠡ ᠶᠢ ᠣᠯᠠᠭᠠᠨ ᠭᠡᠭᠡᠨ | ᠬᠠᠶᠢᠷᠠᠯᠠᠪᠠ᠃1997 ᠣᠨ ᠳᠤ᠂ ᠣᠯᠠᠭᠠᠨ ᠭᠡᠭᠡᠨ ︽ ᠭᠠᠯᠰᠠᠨᠬᠡᠣᠽᠡᠷᠨᠢᠮᠡ ︵ᠪᠤᠥ ᠲᠢᠶᠠᠨ ᠬᠣ᠋︶ ᠶᠢ | ᠲᠦᠩᠯᠢᠶᠣᠣ ᠬᠤᠲᠠ ᠶᠢᠨ ᠬᠤᠳᠣᠭᠲᠣ ᠨᠢᠭᠤᠴᠠ ᠲᠠᠷᠨᠢ ᠶᠢᠨ ᠶᠡᠭᠡ ᠠᠮᠣᠭᠤᠯᠠᠩ ᠰᠦᠮ᠎ᠡ ᠶᠢᠨ ᠡᠵᠡᠨ ᠯᠠᠮᠠ ᠪᠠᠷ | ᠲᠣᠮᠢᠯᠠᠭᠰᠠᠨ︾ ᠲᠣᠰᠢᠶᠠᠯ ᠤᠨ ᠪᠢᠴᠢᠭ ᠢ ᠪᠡᠶ᠎ᠡ ᠪᠠᠷ ᠢᠶᠠᠨ ᠭᠠᠷ ᠤᠨ ᠦᠰᠦᠭ ᠵᠢᠷᠣᠵᠦ ᠪᠠᠭᠤᠯᠭᠠᠪᠠ᠃ ᠣᠳᠣ ᠪᠣᠥ | ᠲᠢᠶᠠᠨ ᠬᠣ᠋ ᠦᠪᠦᠷ ᠮᠣᠩᠭᠤᠯ ᠤᠨ ᠪᠣᠷᠬᠠᠨ ᠤ ᠱᠠᠰᠢᠨ ᠤ ᠨᠡᠶᠢᠭᠡᠮᠯᠢᠭ ᠤᠨ ᠳᠡᠳ᠋ ᠲᠡᠷᠢᠭᠦᠯᠡᠭᠴᠢ᠂ ᠲᠦᠩᠯᠢᠶᠣᠣ | ᠬᠤᠲᠠ ᠶᠢᠨ ᠪᠤᠷᠬᠠᠨ ᠤ ᠱᠠᠰᠢᠨ ᠨᠡᠶᠢᠭᠡᠮᠯᠢᠭ ᠤᠨ ᠳᠠᠷᠤᠭ᠎ᠠ ᠶᠢᠨ ᠲᠣᠰᠢᠶᠠᠯ ᠢ ᠬᠠᠷᠢᠭᠤᠴᠠᠵᠦ᠂ ᠨᠡᠶᠢᠳᠠ ᠶᠢᠨ | ᠠᠰᠠᠷᠠᠮᠵᠢ ᠶᠢᠨ ᠦᠢᠯᠡᠰ ᠲᠤ ᠬᠠᠯᠠᠭᠤᠨ ᠲᠠᠢ ᠣᠷᠣᠯᠴᠠᠨ᠂ ᠭᠠᠮᠰᠢᠭᠳᠠᠭᠰᠠᠨ ᠣᠷᠣᠨ ᠪᠠ ᠶᠠᠳᠠᠭᠤ ᠠᠶᠢᠯ ᠤᠨ | ᠰᠣᠷᠣᠭᠴᠢᠳ ᠢ ᠵᠣᠭᠤᠰ ᠮᠦᠩᠬᠦ ᠪᠠᠷ ᠣᠯᠠᠨᠲᠠ ᠳᠡᠮᠵᠢᠨ ᠲᠣᠰᠠᠯᠠᠭᠰᠠᠨ ᠪᠠᠶᠢᠨ᠎ᠠ᠃ | | |