︽  ᠪᠦᠷᠳᠡ ᠴᠢᠨ᠋ᠸ᠎ᠠ ᠣᠷᠠᠨ ᠵᠤᠬᠢᠶᠠᠯ ᠤᠨ ᠴᠣᠪᠤᠷᠠᠯ︾
ᠨᠡᠶᠢᠲᠡᠯᠡᠭᠰᠡᠨ ᠴᠠᠭ᠄
2018-07-17
        ︽ ᠪᠦᠷᠳᠡ ᠴᠢᠨ᠋ᠸ᠎ᠠ ᠣᠷᠠᠨ ᠵᠤᠬᠢᠶᠠᠯ ᠤᠨ ᠴᠣᠪᠤᠷᠠᠯ︾ ︵苍狼文丛︶ ᠮᠣᠩᠭᠤᠯ ᠦᠨᠳᠣᠰᠣᠳᠡᠨ ᠤ ᠣᠷᠠᠨ ᠵᠤᠬᠢᠶᠠᠯ ᠤᠨ ᠴᠤᠪᠤᠷᠠᠯ ᠪᠢᠴᠢᠭ᠃ ᠬᠢᠲᠡᠳ ᠬᠡᠪᠯᠡᠯ᠃ ᠨᠠᠰᠣᠨᠳᠡᠯᠭᠡᠷ ᠡᠷᠬᠢᠯᠡᠨ ᠨᠠᠶᠢᠷᠠᠭᠤᠯᠵᠠᠢ᠃ ᠳᠣᠮᠳᠠᠳᠣ ᠣᠯᠣᠰ ᠤᠨ ᠭᠠᠳᠠᠭᠠᠳᠣ ᠣᠷᠴᠢᠭᠤᠯᠭ᠎ᠠ ᠶᠢᠨ ᠬᠡᠪᠯᠡᠯ ᠤᠨ ᠬᠦᠩᠰᠧ1997 ᠣᠨ ᠤ1 ᠰᠠᠷ᠎ᠠ ᠳᠤ ᠬᠡᠪᠯᠡᠭᠦᠯᠪᠡ᠃ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠤᠨ ᠪᠠᠶᠢᠭᠤᠯᠣᠭᠳᠠᠭᠰᠠᠨ50 ᠵᠢᠯ ᠤᠨ ᠤᠢ ᠳᠤ ᠵᠣᠬᠢᠭᠤᠯᠤᠭᠰᠠᠨ ᠪᠦᠲᠦᠭᠡᠯ᠃ ᠴᠤᠪᠤᠷᠠᠯ ᠨᠢ ︽ᠮᠤᠷᠢᠨ ᠨᠢᠷᠣᠭᠤᠨ ᠳᠡᠭᠡᠷᠡᠬᠢ ᠤᠶᠠᠨ ᠰᠡᠳᠬᠢᠯᠭᠡ︾  ︵ᠮᠣᠩᠭᠤᠯ ᠦᠨᠳᠣᠰᠣᠳᠡᠨ ᠤ ᠨᠠᠶᠢᠷᠠᠭᠤᠯᠤᠯ ᠤᠨ ᠰᠣᠩᠭᠤᠮᠠᠯ︶᠂ ︽ᠳᠣᠮᠳᠠᠳᠣ ᠶᠢᠨ ᠣᠮᠠᠷᠠᠲᠣ ᠣᠷᠣᠨ ᠤ ᠬᠠᠶᠢᠷ᠎ᠠ ᠶᠢᠨ ᠳᠠᠭᠤᠤ︾ ︵ᠮᠣᠩᠭᠤᠯ ᠦᠨᠳᠣᠰᠣᠳᠡᠨ ᠤ ᠰᠢᠯᠦᠭ ᠤᠨ ᠰᠣᠩᠭᠤᠮᠠᠯ︶᠂ ︽ᠠᠯᠲᠠᠨ ᠣᠷᠣᠭᠳᠠᠨ ᠤ ᠰᠠᠬᠢᠨ ᠪᠠᠷᠠᠯᠠᠯ︾ ︵ᠮᠣᠩᠭᠤᠯ ᠦᠨᠳᠣᠰᠣᠳᠡᠨ ᠤ ᠦᠭᠦᠯᠡᠯᠭᠡ ᠶᠢᠨ ᠰᠣᠩᠭᠤᠮᠠᠯ︶ ᠵᠡᠷᠭᠡ ᠭᠤᠷᠪᠠᠨ ᠭᠡᠰᠡᠭ ᠢᠶᠠᠷ ᠪᠦᠷᠢᠯᠳᠦᠪᠡ᠃ ᠶᠤᠸᠠᠨ ᠠᠴᠠ ᠡᠳᠣᠭᠡ ᠪᠤᠯᠲᠠᠯᠠᠬᠢ ᠠᠳᠠᠯᠢ ᠪᠤᠰᠣ ᠣᠷᠣᠨ ᠤ ᠮᠣᠩᠭᠤᠯ ᠦᠨᠳᠣᠰᠣᠳᠡᠨ ᠤ ᠨᠡᠷᠡᠲᠡᠢ ᠵᠣᠬᠢᠶᠠᠯᠴᠢᠳ ᠤᠨ ᠪᠦᠲᠦᠭᠡᠯ ᠤᠳ ᠢ ᠰᠣᠩᠭᠤᠨ ᠣᠷᠣᠭᠤᠯᠵᠠᠢ᠃ ᠲᠤᠰ ᠴᠤᠪᠤᠷᠠᠯ ᠬᠠᠮᠤᠭ ᠠᠩᠬᠠᠨ ᠤ ᠮᠣᠩᠭᠤᠯ ᠦᠨᠳᠣᠰᠣᠳᠡᠨ ᠤ ᠪᠦᠲᠦᠭᠡᠯ ᠢ ᠬᠠᠮᠤᠭ ᠠᠩᠬ᠎ᠠ ᠰᠢᠰᠲ᠋ᠧᠮ ᠲᠠᠢ ᠪᠦᠷᠢᠨ ᠪᠦᠲᠦᠨ ᠣᠷᠴᠢᠭᠤᠯᠤᠨ ᠲᠠᠨᠢᠯᠴᠠᠭᠤᠯᠤᠭᠰᠠᠨ ᠴᠤᠪᠤᠷᠠᠯ ᠪᠤᠯᠠᠬᠤ ᠶᠤᠮ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号