ᠮᠣᠩᠭᠤᠯ ᠰᠣᠶᠣᠯ ᠳᠤ ᠬᠤᠯᠪᠤᠭᠳᠠᠬᠤ ᠰᠤᠨᠢᠷᠬᠠᠯᠲᠠᠢ ᠭᠤᠷᠪᠠᠯᠵᠢᠨ ᠪᠦᠲᠦᠴᠡ
ᠨᠡᠶᠢᠲᠡᠯᠡᠭᠰᠡᠨ ᠴᠠᠭ᠄
2018-06-04
ᠮᠣᠩᠭᠤᠯ ᠰᠣᠶᠣᠯ ᠳᠤ ᠬᠤᠯᠪᠤᠭᠳᠠᠬᠤ ᠰᠤᠨᠢᠷᠬᠠᠯᠲᠠᠢ ᠭᠤᠷᠪᠠᠯᠵᠢᠨ ᠪᠦᠲᠦᠴᠡ       ᠮᠤᠩᠭᠤᠯ ᠦᠨᠳᠦᠰᠦᠳᠡᠨ ᠦᠨᠢ ᠣᠳᠠᠭᠠᠨ ᠲᠡᠣᠭᠡ ᠶᠢᠨ ᠣᠷᠣᠰᠢᠯ ᠠᠮᠢᠳᠣᠷᠠᠯ᠂ ᠡᠰᠨᠢᠯ ᠬᠦᠭᠵᠢᠯᠳᠡ ᠶᠢᠨ ᠶᠠᠪᠤᠴᠠ ᠳᠤ ᠦᠨᠢᠷ ᠰᠠᠶᠢᠬᠠᠨ ᠰᠣᠶᠤᠯ ᠣᠷᠠᠯᠢᠭ ᠤᠨ ᠡᠬᠢ ᠪᠠᠶᠠᠯᠢᠭ ᠢ ᠪᠦᠲᠦᠭᠡᠵᠦ᠂ ᠬᠤᠵᠢᠮ ᠤᠨ ᠬᠦᠮᠦᠨ ᠳᠤ ᠪᠠᠯᠠᠷᠠᠰᠢ ᠦᠭᠡᠢ ᠦᠨ᠎ᠡ ᠪᠠᠨ᠎ᠡ ᠲᠠᠢ ᠰᠣᠶᠣᠯ ᠤᠨ ᠦᠪ ᠦᠯᠡᠳᠡᠭᠡᠨ᠂ ᠬᠦᠮᠦᠨ ᠲᠦᠷᠦᠯᠬᠢᠳᠡᠨ ᠤ ᠰᠣᠶᠣᠯ ᠣᠷᠠᠯᠢᠭ ᠤᠨ ᠴᠠᠳᠢᠭ ᠲᠤ ᠨᠢᠭᠡ ᠪᠠᠭᠴᠠ ᠰᠢᠨ᠎ᠡ ᠰᠣᠷᠭᠤᠭ ᠴᠡᠴᠡᠭ ᠢ ᠨᠠᠮᠡᠷᠢᠯᠡᠭᠰᠡᠨ ᠪᠢᠯᠡ᠃ ᠮᠣᠩᠭᠤᠯ ᠰᠣᠶᠣᠯ  ᠤᠨ ᠪᠠᠶᠠᠯᠢᠭ ᠰᠠᠶᠢᠬᠠᠨ ᠳᠡᠭᠡᠵᠢ ᠳᠤ ᠮᠠᠰᠢ ᠠᠷᠪᠢᠨ ᠠᠪᠤᠷᠭᠤ ᠰᠣᠶᠣᠯ ᠤᠨ ᠳᠠᠷᠬᠠᠨ ᠪᠦᠲᠦᠭᠡᠯ ᠴᠤᠯᠭᠤᠷᠠᠭᠰᠠᠨ ᠪᠠᠶᠢᠳᠠᠭ᠃ ᠡᠨᠡ ᠨᠢ ᠮᠠᠨ ᠤ ᠮᠣᠷᠢᠳᠡᠨ ᠦᠨᠳᠦᠰᠦᠳᠡᠨ ᠤ ᠳᠡᠭᠡᠳᠦᠰ ᠤᠨ ᠤᠶᠤᠨ ᠤᠬᠠᠭᠠᠨ ᠤ ᠲᠠᠯᠠᠰᠲᠣ ᠪᠤᠯᠬᠤ  ᠪᠠᠷ ᠪᠠᠷᠠᠬᠤ ᠦᠭᠡᠢ ᠮᠡᠨ ᠤ ᠮᠣᠩᠭᠤᠯᠴᠣᠳ ᠤᠨ ᠰᠣᠶᠣᠯ ᠤᠨ ᠬᠦᠭᠵᠢᠯᠳᠡ ᠶᠢᠨ ᠳᠡᠣᠬᠡᠨ ᠳᠠᠬᠢ ᠭᠠᠶᠢᠬᠠᠮᠰᠢᠭ ᠭᠡᠵᠦ ᠬᠡᠯᠡᠵᠦ ᠪᠤᠯᠬᠤ ᠶᠣᠮ᠃ ᠲᠣᠣᠷ᠎ᠠ ᠪᠢᠳᠡ ᠮᠤᠩᠭᠤᠯ ᠰᠣᠶᠣᠯ ᠳᠤ ᠬᠤᠯᠪᠤᠭᠳᠠᠬᠤ ᠰᠣᠨᠢᠷᠬᠠᠯᠲᠠᠢ ᠭᠤᠷᠪᠠᠯᠵᠢᠨ ᠪᠦᠲᠦᠴᠡ ᠶᠢᠨ ᠬᠡᠯᠪᠡᠷᠢ ᠪᠠᠷ ᠮᠣᠩᠭᠤᠯ ᠰᠣᠶᠣᠯ ᠤᠨ ᠠᠪᠤᠷᠭᠤ ᠪᠦᠲᠦᠭᠡᠯ ᠢ ᠣᠩᠰᠢᠭᠴᠢᠳ ᠲᠠᠭᠠᠨ ᠲᠠᠨᠢᠯᠴᠠᠭᠤᠯᠰᠤᠭᠠᠢ᠄ ᠠᠷᠪᠠᠨ ᠭᠤᠷᠪᠠᠳᠣᠭᠠᠷ ᠵᠠᠭᠤᠨ ᠤ ᠮᠤᠩᠭᠤᠯ ᠤᠨ ᠭᠤᠷᠪᠠᠨ ᠰᠣᠷᠪᠤᠯᠵᠢ ᠪᠢᠴᠢᠭ — — ︿︿ᠮᠣᠩᠭᠤᠯ ᠤᠨ ᠨᠢᠭᠤᠴᠠ ᠲᠣᠪᠴᠢᠶᠠᠨ﹀﹀ ︿︿ᠠᠷᠪᠠᠨ ᠪᠤᠶᠠᠨᠳᠣ ᠨᠣᠮ﹀﹀ ᠤᠨ ᠴᠠᠭᠠᠨ ᠲᠡᠣᠭᠡ᠂ ︿︿ᠠᠯᠳᠠᠨ ᠲᠣᠪᠴᠢ﹀﹀᠃ ᠮᠣᠩᠭᠤᠯ ᠬᠡᠯᠡ ᠪᠠᠷ ᠪᠢᠴᠢᠭᠳᠡᠭᠰᠡᠨ ᠲᠡᠣᠭᠡ ᠶᠢᠨ ᠭᠤᠷᠪᠠᠨ ᠲᠣᠯᠭᠤᠷ ᠪᠢᠴᠢᠭ — — ︿︿ᠮᠣᠩᠭᠤᠯ ᠤᠨ ᠨᠢᠭᠤᠴᠠ ᠲᠣᠪᠴᠢᠶᠠᠨ﹀﹀᠂ ︿︿ᠠᠯᠳᠠᠨ ᠲᠣᠪᠴᠢ﹀﹀᠂ ︿︿ᠡᠷᠳᠡᠨᠢ ᠶᠢᠨ ᠲᠣᠪᠴᠢ﹀﹀᠃ ᠮᠣᠩᠭᠤᠯ ᠲᠡᠤᠭᠡ ᠣᠷᠠᠨ ᠵᠣᠬᠢᠶᠠᠯ ᠤᠨ ᠭᠤᠷᠪᠠᠨ ᠣᠷᠬᠢᠯ ᠭᠡᠵᠦ ᠠᠯᠳᠠᠷᠰᠢᠭᠰᠠᠨ ᠲᠣᠮᠣ ᠪᠦᠲᠦᠭᠡᠯ — — ︿︿ᠮᠣᠩᠭᠤᠯ ᠤᠨ ᠨᠢᠭᠤᠴᠠ ᠲᠣᠪᠴᠢᠶᠠᠨ﹀﹀ ︿︿ᠭᠡᠰᠡᠷ ᠤᠨ ᠲᠣᠭᠤᠵᠢ﹀﹀᠂ ︿︿ᠵᠢᠩᠭᠠᠷ ᠤᠨ ᠲᠣᠣᠯᠢ﹀﹀᠃ ᠮᠣᠩᠭᠤᠯ ᠲᠡᠣᠭᠡ ᠶᠢᠨ ᠲᠣᠬᠠᠢ ᠹᠷᠠᠨᠼᠢ ᠯᠠᠲ᠋ᠢᠨ ᠭᠡᠯᠡ ᠪᠠᠷ ᠪᠢᠴᠢᠭᠳᠡᠭᠰᠡᠨ ᠠᠶᠠᠯᠠᠯ ᠤᠨ ᠲᠡᠮᠳᠡᠭᠯᠡᠯ ︿︿ᠫᠠᠯᠠᠨ ᠺᠠᠷᠫᠢᠨ ᠤ ᠠᠶᠠᠯᠠᠯ ᠤᠨ ᠲᠡᠭᠦᠪᠦᠷᠢ﹀﹀᠂ ︿︿ᠸᠢᠯᠢᠶᠠᠨ ᠷᠤᠪᠷᠦ᠋ᠩ ᠤᠨ ᠠᠶᠠᠯᠠᠯ ᠤᠨ ᠲᠡᠭᠦᠪᠦᠷᠢ﹀﹀᠂ ︿︿ᠮᠠᠷᠺᠦ ᠫᠤᠯᠦ ᠶᠢᠨ ᠵᠢᠭᠤᠯᠴᠢᠯᠠᠯ ᠤᠨ ᠲᠡᠮᠳᠡᠭᠯᠡᠯ﹀﹀᠃ ᠮᠣᠩᠭᠤᠯ ᠲᠡᠣᠭᠡ ᠶᠢᠨ ᠭᠤᠷᠪᠠᠨ ᠲᠣᠯᠭᠤᠷ ᠪᠢᠴᠢᠭ — —  ︿︿ᠮᠣᠩᠭᠤᠯ ᠤᠨ ᠨᠢᠭᠤᠴᠠ ᠲᠣᠪᠴᠢᠶᠠᠨ﹀﹀᠂ ︿︿ᠶᠣᠸᠠᠨ ᠤ ᠲᠡᠣᠭᠡ﹀﹀᠂ ︿︿ᠰᠣᠳᠣᠷ ᠤᠨ ᠴᠢᠭᠤᠯᠭᠠᠨ﹀﹀᠃ ᠮᠣᠩᠭᠤᠯ ᠦᠰᠦᠭ ᠪᠢᠴᠢᠭ ᠤᠨ ᠭᠤᠷᠪᠠᠨ ᠲᠣᠷᠠᠰᠬᠠᠯ ᠪᠢᠴᠢᠭ — — ︿︿ᠴᠢᠩᠭᠢᠰ ᠤᠨ ᠴᠢᠯᠠᠭᠤᠨ ᠪᠢᠴᠢᠭ﹀﹀᠂ ︿︿ᠬᠦᠶᠣᠩ ᠬᠠᠭᠠᠨ ᠤ ᠲᠠᠮᠠᠭᠠᠨ ᠪᠢᠴᠢᠭ﹀﹀᠂ ︿︿ᠮᠦᠩᠭᠡ ᠬᠠᠭᠠᠨ ᠤ ᠬᠦᠰᠢᠶᠡᠨ ᠤ ᠪᠢᠴᠢᠭ﹀﹀᠃ ᠠᠷᠪᠠᠨ ᠨᠠᠢᠮᠠᠳᠣᠭᠠᠷ ᠵᠠᠭᠤᠨ ᠠᠴᠠ ᠠᠷᠪᠠ ᠶᠢᠰᠦᠳᠦᠭᠡᠷ ᠵᠠᠭᠤᠨ ᠤ ᠬᠤᠭᠤᠷᠣᠨᠳᠣ ᠮᠣᠩᠭᠤᠯ ᠢᠶᠠᠷ ᠪᠢᠴᠢᠭᠳᠡᠭᠰᠡᠨ ᠭᠤᠷᠪᠠᠨ ᠰᠣᠷᠪᠤᠯᠵᠢ ᠪᠢᠴᠢᠭ — — ︿︿ᠭᠠᠩᠭ᠎ᠠ ᠶᠢᠨ ᠣᠷᠣᠰᠬᠠᠯ﹀﹀᠂ ︿︿ᠳ᠋ᠠᠢ ᠶᠣᠸᠠᠨ ᠣᠯᠣᠰ ᠤᠨ ᠪᠤᠯᠣᠷ ᠡᠷᠢᠭᠡ﹀﹀᠂ ︿︿ᠪᠣᠯᠣᠷ ᠲᠣᠯᠢ﹀﹀᠃              ᠢᠷᠡᠯᠲᠠ᠄ ᠦᠪᠤᠷ ᠮᠣᠩᠭᠤᠯ ᠤᠨ ᠡᠳᠦᠷ ᠤᠨ ᠰᠣᠨᠢᠨ
 
ᠢᠷᠡᠯᠲᠡ᠄ ᠢᠷᠡᠯᠲᠠ᠄ ᠦᠪᠤᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号