| ᠮᠤᠩᠭᠤᠯ ᠵᠤᠬᠢᠶᠠᠯᠴᠢ ᠭᠤᠮᠪᠤᠳᠤᠷᠵᠢ᠂ ᠲ᠊᠂ ᠲᠠᠮᠷᠢᠨ ᠤ ᠵᠤᠬᠢᠶᠠᠭᠰᠡᠨ ᠺᠢᠨᠤ᠋ ᠶᠢᠨ ᠵᠤᠬᠢᠶᠠᠯ᠃1957 | ᠤᠨ ᠳᠤ ᠴᠠᠩᠴᠦ᠋ᠨ ᠳᠤ ᠺᠢᠨᠤ᠋ ᠪᠤᠯᠭᠠᠨ ᠦᠢᠯᠡᠳᠴᠡᠢ᠃ ᠴᠢᠷᠢᠭ ᠠᠴᠠ ᠬᠠᠯᠠᠭᠳᠠᠭᠰᠡᠨ ᠲᠡᠯᠭᠡᠷ ᠨᠤᠳᠤᠭ ᠲᠠᠭᠠᠨ | ᠪᠤᠴᠠᠵᠤ ᠲᠤᠰᠬᠤᠨ ᠤ ᠪᠠᠨ ᠲᠠᠷᠤᠭ᠎ᠠ ᠪᠤᠯᠵᠤ᠂ ᠮᠠᠯᠵᠢᠯ ᠤᠨ ᠲᠠᠯᠠᠪᠡᠢ ᠪᠠᠨ ᠪᠦᠳᠦᠭᠡᠨ ᠪᠠᠶᠢᠭᠤᠯᠤᠭᠰᠡᠨ ᠦᠢᠯᠡ | ᠬᠡᠷᠡᠭ ᠢ ᠭᠤᠤᠯᠯᠡᠨ ᠪᠢᠴᠢᠭᠰᠡᠨ ᠪᠠᠶᠢᠨ᠎ᠡ᠃ ᠲᠡᠯᠭᠡᠷ ᠰᠢᠨ᠎ᠡ ᠦᠶ᠎ᠡ ᠶᠢᠨ ᠮᠤᠩᠭᠤᠯ ᠵᠠᠯᠠᠭᠤ᠂ ᠨᠤᠳᠤᠭ ᠤᠰᠤᠨ ᠤ | ᠪᠠᠨ ᠲᠦᠷᠢ ᠪᠡᠶᠢᠳᠡᠯ ᠢ ᠬᠤᠪᠢᠷᠠᠭᠤᠯᠬᠤ ᠶᠢᠨ ᠲᠦᠯᠦᠭᠡ᠂ ᠮᠠᠯᠵᠢᠯ ᠤᠨ ᠲᠠᠯᠠᠪᠡᠢ ᠶᠢ ᠦᠭᠡᠷᠡᠴᠢᠯᠡᠬᠦ ᠨᠢᠭᠡᠨ ᠢᠵᠢ | ᠲᠦᠯᠦᠪᠯᠡᠭᠡ ᠲᠤᠷᠡᠳᠦᠨ ᠭᠠᠷᠭᠠᠵᠡᠢ᠃ ᠡᠨᠡ ᠲᠦᠯᠦᠪᠯᠡᠭᠡ ᠶᠢᠨ ᠬᠡᠷᠡᠭᠵᠢᠭᠦᠯᠦᠯᠳᠡ ᠨᠢ ᠬᠤᠷᠢᠭ᠎ᠠ ᠰᠠᠭᠠᠳ ᠲᠤ | ᠤᠴᠠᠷᠡᠵᠤ ᠪᠠᠶᠢᠯ᠎ᠡ᠃ ᠬᠠᠭᠤᠴᠢᠨ ᠢ ᠪᠠᠷᠢᠮᠳᠠᠯᠠᠭᠴᠢ ᠴᠢᠨᠡᠭᠡᠯᠢᠭ ᠮᠠᠯᠴᠢᠨ ᠠᠷᠰᠯᠠᠨ ᠨᠡᠨ ᠲᠦᠯᠦᠪᠯᠡᠭᠡ ᠶᠢ ᠴᠢᠨᠡᠭᠡ | ᠮᠡᠳᠡᠨ ᠡᠰᠡᠷᠭᠦᠴᠡᠪᠡ᠃ ᠲᠡᠳ᠋ ᠬᠤᠷᠰᠢᠶᠠᠨ ᠲᠠᠷᠤᠭ᠎ᠠ ᠠᠮᠠᠭ᠎ᠠ᠂ ᠲᠡᠯᠭᠡᠷ ᠤᠨ ᠡᠮᠡᠭᠳᠡᠢ ᠨᠠᠶᠢᠵᠠ ᠭᠡᠭᠡᠨᠳᠤᠶᠠᠭ᠎ᠠ ᠶᠢ | ᠬᠦᠭᠡᠭᠡᠴᠡᠯᠳᠤᠵᠤ ᠪᠡᠶ᠎ᠡ ᠳᠡᠭᠡᠨ ᠦᠢᠷᠠᠳᠤᠭᠤᠯᠬᠤ ᠭᠡᠵᠤ᠂ ᠲᠤᠰ ᠲᠦᠯᠦᠪᠯᠡᠭᠡ ᠶᠢ ᠮᠦᠨ ᠯᠡ ᠡᠰᠡᠷᠭᠦᠴᠡᠵᠦ ᠪᠡᠶᠢᠯᠡ | ᠃ ᠨᠤᠶᠡᠨᠴᠢ ᠰᠤᠷᠳᠡᠯ ᠲᠠᠢ ᠨᠤᠳᠤᠭ ᠤᠨ ᠲᠠᠷᠤᠭ᠎ᠠ ᠪᠦᠷᠢᠨ ᠭᠠᠷᠴᠦ ᠢᠷᠡᠭᠡᠳ ᠲᠡᠯᠭᠡᠷ ᠤᠨ ᠲᠤᠰᠢᠶᠠᠯ ᠢ | ᠬᠠᠰᠤᠭᠰᠡᠨ ᠪᠠᠶᠢᠪᠠ᠃ ᠬᠤᠰᠢᠭᠤᠨ ᠤ ᠨᠠᠮ ᠤᠨ ᠬᠤᠷᠢᠶ᠎ᠠ ᠶᠢᠨ ᠲᠡᠮᠵᠢᠯᠭᠡ ᠬᠢᠭᠡᠳ ᠨᠠᠮ ᠤᠨ ᠡᠭᠦᠷ ᠤᠨ ᠱᠦᠵᠢ | ᠭᠧᠰᠢ ᠶᠢᠨ ᠬᠠᠪᠰᠤᠷᠤᠯᠭ᠎ᠠ ᠲᠠᠢ ᠪᠠᠷ ᠲᠡᠯᠭᠡᠷ ᠲᠠᠬᠢᠨ ᠪᠤᠰᠴᠦ ᠮᠠᠯᠴᠢᠳ ᠤᠯᠡᠨ ᠢᠶᠠᠨ ᠲᠠᠶᠢᠴᠢᠯᠡᠨ ᠮᠠᠯᠵᠢᠯ ᠤᠨ | ᠲᠠᠯᠠᠪᠡᠢ ᠪᠠᠨ ᠦᠭᠡᠷᠡᠴᠢᠯᠡᠬᠦ ᠲᠦᠯᠦᠪᠯᠡᠭᠡ ᠪᠠᠨ ᠬᠡᠷᠡᠭᠵᠢᠭᠦᠯᠵᠦ ᠲᠦᠷᠦᠭᠰᠡᠨ ᠨᠤᠳᠤᠭ ᠤᠨ ᠢᠶᠠᠨ ᠮᠠᠯ ᠠᠵᠤ ᠠᠬᠤᠢ | ᠶᠢᠨ ᠦᠢᠯᠡᠳᠪᠤᠷᠢᠯᠡᠯ ᠢ ᠲᠦᠷᠭᠡᠨ ᠬᠦᠭᠵᠢᠭᠦᠯᠪᠡ᠃ | | | | ᠢᠷᠡᠯᠲᠠ᠄ ᠦᠪᠤᠷ ᠮᠣᠩᠭᠤᠯ ᠤᠨ ᠵᠠᠰᠠᠭ ᠤᠨ ᠣᠷᠳᠣᠨ | | | |