︿︿  ᠮᠤᠩᠭᠤᠯ ᠬᠠᠭᠠᠨᠳᠤ ᠤᠯᠤᠰ﹀﹀
ᠨᠡᠶᠢᠲᠡᠯᠡᠭᠰᠡᠨ ᠴᠠᠭ᠄
2018-03-08
ᠲᠡᠤᠭᠡ ᠶᠢᠨ ᠪᠦᠲᠦᠭᠡᠯ᠃ ᠹᠷᠠᠨᠼᠢ ᠬᠦᠮᠦᠨ ᠷᠧᠨᠧ᠂ ᠭᠧᠷᠤᠰᠰᠧᠲ ᠤᠨ ︵peneGrousset︶ ᠹᠷᠠᠨᠼᠢ ᠬᠡᠯᠡ ᠪᠠᠷ ᠪᠢᠴᠢᠭᠰᠡᠨ ᠵᠣᠬᠢᠶᠠᠯ᠃  ᠹᠷᠠᠨᠼᠢ ᠶᠢᠨ ᠡᠸ᠊᠂ ᠳ᠋ᠧᠪᠺᠠᠷ ᠬᠡᠪᠯᠡᠯ ᠤᠨ ᠬᠤᠷᠢᠶ᠎ᠠ1941 ᠤᠨ ᠳᠤ ᠬᠡᠪᠯᠡᠬᠦᠯᠦᠨ ᠲᠠᠷᠬᠠᠭᠠᠪᠠ᠃ ᠭᠦᠩ ᠶᠤᠸᠠᠢ ᠬᠢᠳᠡᠳ ᠬᠡᠯᠡᠨ ᠳᠤ ᠤᠷᠴᠢᠭᠤᠯᠪᠠ᠃ ᠱᠠᠩ ᠦ᠋ ᠬᠡᠪᠯᠡᠯ ᠤᠨ ᠭᠠᠵᠠᠷ1995 ᠤᠨ ᠳᠤ ᠬᠢᠳᠡᠳ ᠬᠡᠯᠡᠨ ᠤ ᠣᠷᠴᠢᠭᠤᠯᠭ᠎ᠠ ᠶᠢ ᠬᠡᠪᠯᠡᠬᠦᠯᠦᠨ ᠲᠠᠷᠬᠠᠭᠠᠪᠠ᠃ 32 ᠲᠦᠮᠡᠨ ᠦᠰᠦᠭ  ᠲᠠᠢ  ᠃ ᠷᠧᠨᠧ᠂ ᠭᠧᠷᠤᠰᠰᠧᠲ ᠫᠠᠷᠢᠰ ᠤᠨ ᠰᠧᠨᠢᠰᠢ ᠮᠦᠽᠧᠧᠢ ᠶᠢᠨ ᠳᠠᠷᠤᠭ᠎ᠠ ᠶᠢᠨ ᠲᠤᠰᠢᠶᠠᠯ ᠢ ᠡᠭᠦᠷᠭᠡᠯᠡᠵᠦ ᠦᠩᠭᠡᠷᠡᠭᠰᠡᠨ ᠪᠦᠭᠡᠳ20 ᠳ᠋ᠤᠭᠠᠷ ᠵᠠᠭᠤᠨ ᠤ ᠳᠡᠭᠡᠳᠤ ᠬᠠᠭᠠᠰ ᠲᠤ ᠮᠤᠩᠭᠤᠯ ᠤᠨ ᠲᠡᠤᠭᠡ ᠶᠢᠨ ᠬᠠᠮᠢᠶᠠᠳᠠᠢ 4 ᠪᠤᠳᠢ ᠶᠢ ᠵᠤᠬᠢᠶᠠᠵᠦ ᠬᠡᠪᠯᠡᠬᠦᠯᠪᠠ᠃ ᠲᠤᠰ ᠨᠤᠮ ᠭᠤᠤᠯ ᠠᠭᠤᠯᠭ᠎ᠠ5 ᠪᠦᠯᠦᠭ ᠪᠠ ᠳᠠᠭᠠᠯᠳᠤᠭᠤᠯᠤᠯ 1 ᠭᠡᠰᠡᠭ  ᠢᠶᠠᠷ ᠪᠦᠷᠢᠯᠳᠦᠪᠡ᠃1 ᠳ᠋ᠣᠭᠡᠷ ᠪᠦᠯᠦᠭ ᠨᠢ ︿︿ᠴᠢᠩᠭᠢᠰ ᠬᠠᠭᠠᠨ ᠤ ᠭᠦᠴᠦᠷᠭᠡᠭᠵᠢᠨ ᠮᠠᠨᠳᠤᠬᠤ ᠠᠴᠠ ᠡᠮᠦᠨᠡᠬᠢ ᠮᠤᠩᠭᠤᠯ  ﹀﹀  ︔2 ᠳ᠋ᠣᠭᠠᠷ ᠪᠦᠯᠦᠭ ᠨᠢ ︿︿ᠮᠤᠩᠭᠤᠯ ᠣᠯᠣᠰ ᠤᠨ ᠪᠦᠷᠢᠯᠳᠤᠯ﹀﹀︔3 ᠳ᠋ᠤᠭᠠᠷ ᠪᠦᠯᠦᠭ ᠨᠢ ︿︿ᠮᠤᠩᠭᠤᠯ ᠬᠠᠭᠠᠨᠳᠤ ᠤᠯᠤᠰ ᠤᠨ ᠪᠠᠶᠢᠭᠤᠯᠤᠭᠳᠠᠭᠰᠠᠨ ᠨᠢ﹀﹀︔4 ᠳ᠋ᠣᠭᠡᠷ ᠪᠦᠯᠦᠭ ᠨᠢ ︿︿ᠮᠤᠩᠭᠤᠯ ᠬᠠᠭᠠᠨᠳᠤ ᠤᠯᠣᠰ ᠤᠨ ᠤᠯᠠᠷᠢᠯ ᠬᠤᠪᠢᠷᠠᠯᠳᠠ﹀﹀︔5 ᠳ᠋ᠤᠭᠠᠷ ᠪᠦᠯᠦᠭ ᠨᠢ  ︿︿ᠮᠤᠩᠭᠤᠯ ᠤᠨ ᠲᠠᠶᠢᠯᠠᠨ ᠳᠠᠭᠠᠭᠤᠯᠤᠭᠴᠢᠳ  ᠤᠨ ᠲᠤᠬᠠᠢ ᠳ᠋ᠦᠩᠨᠡᠯᠳᠡ﹀﹀︔ ᠳᠠᠭᠠᠯᠳᠤᠭᠤᠯᠤᠯ ᠭᠡᠰᠡᠭ ᠨᠢ ︿︿ᠴᠢᠩᠬᠢᠰ ᠬᠠᠭᠠᠨ ᠤ ᠤᠳᠤᠮ ᠤᠨ ᠤᠯᠠᠨ ᠬᠠᠭᠠᠨᠳᠤ ᠣᠯᠣᠰ﹀﹀ ︵ᠺᠠᠸᠢᠨᠢ ᠨᠠᠶᠢᠷᠠᠭᠤᠯᠪᠠ︶ ᠵᠡᠷᠭᠡ ᠪᠤᠯᠤᠨ᠎ᠠ᠃ ᠪᠦᠬᠦ ᠨᠤᠮ ᠮᠤᠩᠭᠤᠯ ᠦᠨᠳᠤᠰᠦᠳᠡᠨ ᠤ ᠢᠷᠡᠯᠳᠡ᠂ ᠮᠤᠩᠭᠤᠯ ᠣᠯᠣᠰ ᠤᠨ ᠪᠦᠷᠢᠯᠳᠣᠯ᠂ ᠬᠤᠪᠢᠯᠠᠢ ᠳᠤᠮᠳᠠᠳᠣ ᠣᠯᠣᠰ ᠢ ᠳᠠᠶᠢᠯᠡᠵᠦ ᠨᠢᠭᠡᠳᠭᠡᠭᠰᠡᠨ᠂ ᠪᠠᠳᠤ ᠪᠠ ᠦᠯᠡᠬᠦ᠂ ᠤᠷᠤᠰ ᠪᠤᠯᠤᠨ ᠫᠧᠷᠰ ᠢ ᠲᠦᠪᠰᠢᠳᠭᠡᠭᠰᠡᠨ ᠵᠡᠷᠭᠡ ᠠᠭᠤᠯᠭ᠎ᠠ ᠪᠤᠢ᠃ ᠵᠤᠬᠢᠶᠠᠭᠴᠢ ᠶᠡᠭᠡ ᠬᠡᠮᠵᠢᠶᠠᠨ  ᠤ ᠮᠤᠩᠭᠤᠯ ᠬᠡᠯᠡ᠂ ᠬᠢᠳᠡᠳ ᠬᠡᠯᠡ᠂ ᠫᠧᠷᠰ ᠵᠡᠷᠭᠡ ᠬᠡᠯᠡᠨ ᠤ ᠮᠤᠩᠭᠤᠯ ᠤᠨ ᠲᠡᠤᠭᠡ ᠶᠢᠨ ᠮᠠᠲ᠋ᠧᠷᠢᠶᠠᠯ ᠢ ᠠᠰᠢᠭᠯᠡᠵᠦ ᠡᠨᠡ ᠬᠦ ᠨᠤᠮ ᠢ ᠨᠠᠶᠢᠷᠠᠭᠤᠯᠤᠨ ᠪᠢᠴᠢᠭᠰᠡᠨ ᠲᠤᠯᠠ ᠨᠡᠯᠢᠶᠡᠳ ᠦᠨᠳᠤᠷ ᠡᠷᠳᠡᠮ ᠰᠢᠨᠵᠢᠯᠡᠭᠡᠨ ᠤ ᠦᠨ᠎ᠡ ᠴᠠᠨ᠎ᠠ ᠲᠠᠢ ᠶᠤᠮ᠃ ᠲᠤᠰ ᠨᠤᠮ ᠪᠣᠯ ᠮᠤᠩᠭᠤᠯ ᠤᠨ ᠬᠠᠭᠠᠨᠳᠤ ᠣᠯᠣᠰ ᠤᠨ ᠲᠡᠤᠬᠡ ᠶᠢ ᠰᠤᠳᠤᠯᠠᠬᠤ ᠳᠤ ᠴᠢᠬᠤᠯᠠ ᠦᠨ᠎ᠡ ᠴᠠᠨ᠎ᠠ ᠲᠠᠢ ᠯᠠᠪᠯᠠᠬᠤ ᠮᠠᠲ᠋ᠧᠷᠢᠶᠠᠯ ᠪᠤᠯᠬᠤ ᠶᠤᠮ᠃
 
ᠢᠷᠡᠯᠲᠡ᠄ ᠦᠪᠦᠷ ᠮᠤᠩᠭᠤᠯ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号