ᠤᠯᠠᠮᠵᠢᠯᠠᠯᠳᠦ ᠰᠤᠷᠭᠠᠨ ᠬᠦᠮᠦᠵᠢᠯ
ᠨᠡᠶᠢᠲᠡᠯᠡᠭᠰᠡᠨ ᠴᠠᠭ᠄
2018-03-30
              ᠦᠢᠯᠡᠳᠪᠦᠷᠢᠯᠡᠯ ᠤᠨ ᠦᠢᠯᠡᠳᠤᠯᠭᠡ ᠪᠤᠯ ᠶᠠᠮᠠᠷ ᠴᠦ ᠨᠢᠭᠡᠨ ᠠᠷᠠᠰᠤᠳᠡᠨ ᠪᠠ ᠦᠨᠳᠦᠰᠤᠳᠡᠨ ᠤ ᠰᠤᠷᠠᠭᠠᠨ ᠬᠦᠮᠦᠵᠢᠯ ᠤᠨ ᠡᠬᠢ ᠰᠤᠷᠪᠤᠯᠵᠢ ᠪᠤᠯᠤᠨ᠎ᠡ᠃ ᠮᠤᠩᠭᠤᠯ ᠦᠨᠳᠦᠰᠦᠳᠡᠨ ᠴᠦ ᠭᠡᠰᠡᠨ ᠢᠢᠮᠦ ᠪᠠᠶᠢᠳᠠᠭ᠃ ᠡᠷᠳᠡᠨ ᠤ ᠦᠶ᠎ᠠ ᠶᠢᠨ ᠮᠤᠩᠭᠤᠯᠴᠤᠳ ᠤᠨ ᠰᠤᠷᠭᠠᠨ ᠬᠦᠮᠦᠵᠢᠯ ᠴᠦ ᠮᠦᠨ ᠦᠢᠯᠡᠳᠪᠤᠷᠢᠯᠡᠯ ᠤᠨ ᠦᠢᠯᠡᠳᠤᠯᠭᠡ ᠠᠴᠠ ᠡᠷᠬᠢᠯᠡᠭᠰᠡᠨ ᠶᠤᠮ᠃ ᠢᠢᠮᠦ ᠠᠴᠠ ᠦᠢᠯᠡᠳᠪᠤᠷᠢᠯᠡᠯ᠂ ᠴᠡᠷᠢᠭ ᠤᠨ ᠶᠠᠪᠤᠳᠡᠯ ᠬᠢᠭᠡᠳ ᠶᠤᠰᠤ ᠰᠤᠷᠳᠠᠬᠤᠨ ᠵᠡᠷᠭᠡ ᠲᠠᠯ᠎ᠠ ᠶᠢᠨ ᠮᠡᠳᠡᠯᠭᠡ ᠨᠢ ᠰᠠᠶ᠋ᠢ ᠦᠶ᠎ᠠ ᠦᠶ᠎ᠠ ᠤᠯᠠᠮᠵᠢᠯᠡᠨ ᠢᠷᠡᠵᠦ ᠴᠢᠳᠠᠭᠰᠡᠨ ᠪᠢᠯᠡ᠃ ᠡᠨᠡ ᠮᠡᠳᠦ ᠤᠯᠠᠮᠵᠢᠯᠠᠵᠤ ᠢᠷᠡᠭᠰᠡᠨ ᠠᠴᠠ ᠲᠡᠳᠡ ᠰᠠᠶ᠋ᠢ ᠦᠢᠯᠡᠳᠪᠤᠷᠢᠯᠡᠯ ᠳᠤ ᠲᠠᠳᠮᠠᠭᠠᠢ᠂ ᠡᠷᠬᠢᠮ ᠲᠡᠭᠡᠳᠦ ᠶᠤᠰᠦ ᠮᠤᠷᠠᠯ ᠲᠠᠢ᠂ ᠮᠤᠷᠢᠨ  ᠳᠠᠭᠠᠨ ᠭᠠᠷᠮᠠᠭᠠᠢ᠂ ᠨᠠᠮᠨᠠᠬᠤ ᠳᠠᠭᠠᠨ ᠴᠢᠳᠠᠮᠠᠭᠠᠢ ᠪᠠᠭᠠᠳᠤᠷᠴᠤᠳ ᠪᠤᠯᠵᠤ ᠴᠢᠳᠠᠭᠰᠡᠨ ᠶᠤᠮ᠃      ︿︿ᠮᠠᠷᠺᠦ ᠫᠤᠯᠤ ᠶᠢᠨ ᠵᠢᠭᠤᠴᠢᠯᠡᠯ ᠤᠨ ᠲᠡᠮᠳᠡᠭᠯᠡᠯ﹀﹀ ᠳᠤ ᠲᠡᠮᠳᠡᠭᠯᠡᠬᠦ ᠳᠡᠭᠡᠨ᠄ ︿︿ᠲᠠᠲ᠋ᠠᠷ ᠬᠦᠮᠦᠨ ᠬᠦᠴᠢᠷ ᠪᠡᠷᠬᠡ ᠶᠢ ᠲᠡᠰᠪᠦᠷᠢᠯᠡᠬᠦ ᠬᠠᠳᠠᠭᠤ ᠵᠤᠷᠢᠭ ᠲᠠᠢ ᠪᠠᠶᠢᠳᠠᠭ᠃ ᠶᠠᠮᠡᠷ ᠴᠦ ᠪᠡᠷᠬᠡᠰᠢᠶᠡᠯ ᠠᠴᠠ ᠠᠶᠤᠬᠤ ᠦᠭᠡᠢ ᠪᠦᠭᠡᠳ ᠴᠢᠬᠤᠯᠠ ᠲᠠᠢ ᠦᠶ᠎ᠡ ᠳᠤ ᠵᠦᠪᠬᠡᠨ ᠴᠡᠭᠡ ᠪᠠᠷ ᠠᠮᠢ ᠭᠤᠤᠯ ᠵᠤᠯᠭᠠᠳᠠᠭ᠃ ᠠᠷᠭ᠎ᠠ ᠮᠤᠬᠤᠷᠳᠠᠭᠰᠡᠨ ᠦᠶ᠎ᠠ ᠳᠤ ᠡᠯᠳᠡᠪ ᠲᠦᠷᠤᠯ ᠤᠨ ᠠᠷᠢᠶᠠᠳᠡᠨ ᠬᠦᠷᠤᠭᠡᠰᠤᠨ ᠤ ᠮᠢᠬ᠎ᠠ ᠪᠠᠷ ᠵᠤᠯᠭᠠᠳᠠᠭ᠃ ᠡᠷᠡᠭᠳᠡᠶᠢᠴᠤᠳ ᠨᠢ ᠮᠤᠷᠢᠨ ᠤ ᠨᠢᠷᠤᠭᠤᠨ ᠲᠡᠭᠡᠷ᠎ᠡ ᠬᠤᠶᠠᠷ ᠡᠳᠤᠷ ᠬᠤᠶᠠᠷ ᠰᠦᠨᠢ ᠶᠢ ᠦᠩᠭᠡᠷᠡᠭᠡᠬᠦ ᠬᠠᠳᠠᠭᠤᠵᠢᠯᠳᠡᠢ ᠪᠤᠯᠪᠠᠰᠤᠷᠡᠯ ᠢ ᠬᠢᠵᠦ᠂ ᠤᠨᠤᠭᠰᠡᠨ ᠮᠤᠷᠢᠨ ᠤ ᠪᠠᠨ ᠡᠪᠡᠰᠦ ᠬᠠᠵᠠᠯᠠᠬᠤ ᠬᠤᠷᠤᠮᠬᠠᠨ ᠵᠠᠭᠤᠷ᠎ᠠ ᠶᠢᠨ ᠲᠤᠳᠤᠷ᠎ᠠ ᠴᠦ ᠭᠡᠰᠡᠨ ᠨᠢᠭᠡ ᠵᠡᠭᠦᠷᠮᠡᠭᠯᠡᠨ ᠠᠪᠴᠦ ᠨᠢᠳᠤᠨ ᠤ ᠪᠠᠨ ᠴᠢᠯᠡᠭᠡ ᠶᠢ ᠭᠠᠷᠭᠠᠳᠠᠭ᠃  ᠲᠡᠯᠡᠬᠡᠢ ᠲᠡᠭᠡᠷᠡᠬᠢ ᠶᠠᠮᠡᠷ ᠨᠢᠭᠡᠨ ᠦᠨᠳᠦᠰᠦᠳᠡᠨ ᠴᠦ ᠬᠦᠴᠢᠷ ᠪᠡᠷᠬᠡᠰᠢᠶᠡᠯ ᠤᠨ ᠡᠮᠦᠨ᠎ᠡ ᠨᠡᠨ ᠮᠡᠳᠦ ᠲᠡᠰᠪᠤᠷᠢ ᠬᠠᠳᠠᠭᠤᠵᠢᠯᠳᠡᠢ ᠪᠠᠶᠢᠵᠦ ᠴᠢᠳᠠᠭ᠎ᠠ ᠦᠭᠡᠢ ᠶᠤᠮ﹀﹀  ᠭᠡᠵᠡᠢ᠃ ᠶᠠᠭ ᠲᠡᠳᠡᠨ ᠤ ᠡᠶᠢᠮᠦᠷᠬᠦᠦ ᠰᠤᠷᠭᠠᠨ ᠬᠦᠮᠦᠵᠢᠯ ᠨᠢ ︿︿ᠲᠡᠳᠡᠨ ᠢ ᠲᠠᠶᠢᠨ ᠪᠠᠶᠢᠯᠳᠤᠭᠠᠨ ᠬᠢᠬᠦ ᠳᠡᠭᠡᠨ ᠡᠷᠡᠯᠬᠡᠭ ᠪᠠᠭᠠᠳᠤᠷ ᠪᠦᠭᠡᠳ ᠴᠢᠳᠠᠮᠠᠭᠠᠢ᠂ ᠦᠬᠦᠵᠦ ᠦᠷᠡᠭᠳᠡᠬᠦ ᠶᠢ ᠬᠠᠶᠢᠬᠤᠷᠬᠤ ᠦᠭᠡᠢ᠂  ᠠᠶᠤᠯ ᠲᠦᠭᠰᠢᠭᠦᠷᠢ ᠠᠴᠠ ᠡᠮᠢᠶᠡᠬᠦ ᠦᠭᠡᠢ ᠂ ᠵᠤᠷᠢᠭᠰᠡᠨ ᠵᠦᠭ ᠲᠡᠭᠡᠨ ᠴᠤᠴᠠᠯᠳᠠ ᠦᠭᠡᠢ ᠤᠷᠤᠭᠰᠢᠯᠠᠳᠠᠭ ᠪᠤᠯᠭᠠᠭᠰᠡᠨ ᠶᠤᠮ﹀﹀᠃ ᠢᠩᠭᠢᠭᠰᠡᠨ ᠢᠶᠠᠷ ᠳᠡᠲᠡᠨ ᠲᠠᠯ᠎ᠠ ᠨᠤᠳᠤᠭ ᠤᠨ ᠰᠢᠯᠢᠳᠡᠭ ᠮᠠᠯᠴᠢᠨ ᠭᠠᠷᠮᠠᠭᠠᠢ ᠮᠤᠷᠢᠳᠡᠨ ᠪᠤᠯᠵᠤ  ᠴᠢᠳᠠᠵᠠᠢ᠃ ᠶᠠᠭ ︿︿ᠬᠠᠷ᠎ᠠ ᠲᠠᠲ᠋ᠠᠷ ᠤᠨ ᠲᠤᠬᠠᠢ ᠬᠡᠷᠡᠭ ᠲᠤᠪᠴᠢ﹀﹀ ᠳᠤ ᠲᠡᠮᠳᠡᠭᠯᠡᠭᠰᠡᠨ ᠮᠡᠳᠦ᠄ ᠲᠡᠳᠡ ᠬᠠᠷᠪᠤᠵᠦ ᠨᠠᠮᠨᠠᠬᠤ ᠳᠠᠭᠠᠨ ᠨᠢᠯᠬ᠎ᠠ ᠬᠡᠤᠬᠡᠳ ᠢᠶᠠᠨ ᠬᠠᠪᠳᠡᠰᠤᠨ ᠮᠤᠳᠤᠨ ᠳᠤ ᠲᠡᠭᠡᠰᠤᠯᠡᠵᠤ ᠮᠤᠷᠢᠨ ᠳᠠᠭᠠᠨ ᠭᠠᠨᠵᠤᠭᠠᠯᠠᠭᠠᠳ᠂ ᠡᠬᠡ ᠨᠢ ᠲᠠᠭᠠᠭᠤᠯᠵᠤ ᠭᠠᠷᠴᠦ ᠶᠠᠪᠤᠳᠠᠭ ᠶᠤᠮ᠃ ᠭᠤᠷᠪᠠᠨ ᠨᠠᠰᠤᠳᠡᠢ ᠬᠡᠤᠬᠡᠳ ᠢᠶᠠᠨ ᠡᠮᠡᠭᠡᠯ ᠲᠡᠭᠡᠷ᠎ᠡ ᠪᠠᠨ ᠤᠶᠠᠭᠠᠳ᠂ ᠭᠠᠷ ᠲᠤᠨᠢ ᠪᠠᠷᠢᠮᠳᠠ ᠲᠠᠢ ᠪᠤᠯᠭᠠᠵᠦ᠂ ᠤᠯᠡᠨ ᠢ ᠲᠠᠭᠠᠭᠤᠯᠵᠤ ᠲᠡᠪᠬᠢᠯᠳᠤᠭᠤᠯᠤᠮᠤᠢ᠃ ᠲᠦᠷᠪᠡ ᠲᠠᠪᠤᠨ ᠨᠠᠰᠤᠨ ᠳᠤᠨᠢ ᠪᠠᠭ᠎ᠠ ᠨᠤᠮᠤ ᠤᠬᠤᠷ ᠰᠤᠮᠤ ᠤᠷᠤᠯᠳᠤᠭᠤᠯᠤᠭᠰᠡᠭᠠᠷ ᠦᠰᠦᠭᠰᠡᠨ ᠤ ᠬᠤᠶᠢᠨ᠎ᠡ᠂ ᠵᠢᠯ ᠤᠨ ᠲᠦᠷᠪᠡᠨ ᠤᠯᠠᠷᠢᠯ ᠳᠤ ᠠᠪᠠ ᠠᠩ ᠬᠢᠯᠭᠡᠬᠦ  ᠳᠤ ᠯᠡ ᠶᠠᠪᠤᠭᠤᠯᠮᠤᠢ᠃ ᠬᠠᠷᠬᠠᠨ ᠪᠠᠭ᠎ᠠ ᠠᠴᠠ ᠡᠴᠢᠭᠡ ᠡᠬᠡ ᠪᠠᠨ ᠲᠠᠭᠠᠨ ᠠᠵᠢᠯ ᠬᠦᠳᠡᠯᠮᠤᠷᠢ ᠳᠤ ᠤᠷᠤᠯᠴᠡᠨ᠂ ᠠᠳᠤᠭᠤ ᠮᠠᠯ ᠬᠠᠷᠢᠭᠤᠯᠬᠤ᠂ ᠰᠦ ᠰᠠᠭᠠᠯᠢ ᠪᠠᠷᠢᠬᠤ᠂ ᠠᠷᠠᠰᠦ ᠨᠤᠤᠰᠤ ᠪᠤᠯᠪᠠᠰᠤᠷᠠᠭᠤᠯᠬᠤ ᠪᠠ ᠡᠳᠤᠷ ᠲᠤᠳᠤᠮ ᠤᠨ ᠠᠮᠢᠳᠤᠷᠡᠯ ᠤᠨ ᠬᠡᠷᠡᠭᠯᠡᠭᠦᠨ ᠢ ᠬᠢᠳᠡᠭ ᠪᠦᠭᠡᠳ ᠪᠠᠰᠠ ᠲᠡᠷᠭᠡ ᠬᠦᠰᠭᠡ ᠰᠠᠯᠪᠢᠨ ᠵᠠᠰᠠᠬᠤ᠂ ᠤᠨᠢ ᠲᠤᠭᠤᠨᠤ ᠪᠤᠰᠬᠠᠵᠤ ᠭᠡᠷ ᠪᠠᠷᠢᠯᠴᠠᠳᠠᠭ᠃ ᠲᠡᠭᠡᠪᠡᠯ ᠨᠤᠮᠤ ᠰᠤᠮᠤ᠂ ᠬᠢᠳᠤᠭ᠎ᠠ ᠰᠠᠯᠠᠮ᠎ᠠ ᠮᠡᠳᠦ ᠶᠢᠨ ᠵᠡᠷ ᠵᠡᠪᠰᠡᠭ ᠬᠤᠷᠤᠶᠢᠯᠵᠠᠭᠤᠯᠤᠨ ᠠᠷᠢᠶᠠᠳᠡᠨ ᠬᠦᠷᠤᠭᠡᠰᠦ ᠠᠩᠨᠠᠬᠤ ᠨᠠᠭᠠᠳᠤᠮ ᠳᠤ ᠤᠷᠤᠯᠴᠠᠳᠠᠭ ᠪᠦᠭᠡᠳ ᠪᠠᠰᠠ ᠦᠷᠬᠦᠯᠵᠢ᠂ ᠮᠤᠷᠢ ᠤᠷᠤᠯᠳᠤᠬᠤ᠂ ᠨᠤᠮᠤ ᠰᠤᠮᠤ ᠬᠠᠷᠪᠤᠬᠤ ᠮᠡᠳᠦ ᠶᠢᠨ ᠨᠠᠭᠠᠳᠤᠮ ᠳᠤ ᠤᠷᠤᠯᠴᠠᠳᠠᠭ ᠶᠤᠮ᠃ ᠡᠳᠡᠭᠡᠷ ᠨᠢ ᠳᠡᠳᠡᠨ ᠳᠤ ᠬᠡᠤᠬᠡᠳ ᠤᠨ ᠦᠶ᠎ᠡ ᠠᠴᠠ ᠨᠢ ᠠᠪᠤᠭᠠᠳ ᠡᠯᠳᠡᠪ ᠵᠤᠶᠢᠯ ᠤᠨ ᠦᠢᠯᠡᠳᠪᠦᠷᠢᠯᠡᠯ ᠤᠨ ᠮᠡᠷᠭᠡᠵᠢᠯ ᠢ ᠡᠵᠡᠮᠰᠢᠭᠦᠯᠦᠭᠰᠡᠨ ᠪᠠᠶᠢᠨ᠎ᠠ᠃  ᠡᠨᠡ ᠪᠦᠬᠦᠨ ᠢ ᠴᠦᠮ ᠶᠠᠮᠡᠷ ᠨᠢᠭᠡᠨ ᠦᠨᠳᠦᠰᠦᠳᠡᠨ ᠭᠡᠳ ᠳᠡᠳᠡᠨ ᠲᠠᠢ ᠠᠳᠠᠯᠢᠳᠬᠠᠬᠤ ᠶᠢᠨ ᠠᠷᠭ᠎ᠠ ᠦᠭᠡᠢ ᠬᠠᠮᠤᠭ ᠤᠨ ᠰᠠᠶᠢᠨ ᠪᠦᠭᠡᠳ ᠪᠦᠳᠦᠮᠵᠢᠳᠡᠢ ᠰᠤᠷᠭᠠᠨ ᠬᠦᠮᠦᠵᠢᠭᠦᠯᠬᠦ ᠠᠷᠭ᠎ᠠ  ᠶᠢᠨ ᠬᠢᠨᠢ ᠨᠢᠭᠡ ᠠᠭᠤᠯᠭ᠎ᠠ ᠪᠤᠯᠵᠤ ᠪᠠᠶᠢᠭ᠎ᠠ  ᠶᠤᠮ᠃        ᠮᠤᠩᠭᠤᠯ ᠦᠨᠳᠦᠰᠦᠳᠡᠨ ᠶᠡᠷᠦ ᠠᠴᠠ ᠪᠠᠨ ᠠᠵᠢᠯᠴᠢ ᠪᠠᠭᠠᠳᠤᠷᠯᠢᠭ᠂ ᠦᠨᠡᠨᠴᠢ ᠰᠢᠳᠦᠷᠭᠤ᠂ ᠵᠢᠷᠤᠮ ᠢ ᠡᠷᠬᠢᠮᠯᠡᠳᠡᠭ ᠢᠶᠠᠷ ᠢᠶᠠᠨ ᠠᠯᠳᠡᠷᠰᠢᠭ᠌ᠰᠡᠨ ᠶᠤᠮ᠃ ᠲᠡᠳᠡ ᠦᠷ᠎ᠡ ᠠᠴᠢ ᠨᠠᠷ ᠢᠶᠠᠨ ᠪᠠᠭ᠎ᠠ ᠠᠴᠠ ᠨᠢ ᠤᠯᠡᠨ ᠲᠠᠯ᠎ᠠ  ᠪᠠᠷ ᠬᠦᠮᠦᠵᠢᠭᠦᠯᠦᠨ ᠰᠤᠷᠭᠠᠳᠠᠭ᠃ ︿︿ᠮᠤᠩᠭᠤᠯ ᠤᠨ ᠨᠢᠭᠤᠴᠠ ᠲᠤᠪᠴᠢᠶᠠᠨ﹀﹀ ᠳᠤ ︿︿ᠲᠠᠪᠤᠨ ᠮᠦᠰᠦ ᠪᠠᠷ ᠬᠡᠤᠬᠡᠳ ᠢᠶᠠᠨ ᠰᠤᠷᠭᠠᠭᠰᠡᠨ﹀﹀ ᠬᠢᠭᠡᠳ ︿︿ᠠᠯᠤᠨ ᠭᠤᠸ᠎ᠠ ᠡᠬᠡ ᠬᠦᠪᠡᠭᠦᠳ ᠢᠶᠠᠨ ᠰᠤᠷᠭᠠᠭᠰᠡᠨ ᠲᠤᠮᠤᠭ﹀﹀ ᠪᠠᠶᠢᠳᠠᠭ᠃ ᠡᠳᠡᠭᠡᠷ ᠲᠤᠮᠤᠭ ᠦᠯᠢᠭᠡᠷ ᠨᠢ ᠤᠳᠤ ᠪᠤᠯᠳᠠᠯ᠎ᠠ ᠠᠷᠠᠳ ᠤᠨ ᠲᠤᠮᠳᠠ ᠤᠯᠠᠮᠵᠢᠯᠠᠭᠰᠠᠭᠠᠷ ᠪᠦᠭᠡᠳ ᠲᠤᠩ ᠰᠠᠶᠢᠨ ᠨᠦᠯᠦᠭᠡ ᠦᠵᠡᠭᠦᠯᠦᠭᠰᠡᠭᠡᠷ  ᠪᠠᠶᠢᠨ᠎ᠠ᠃ ︿︿ᠲᠠᠪᠤᠨ ᠮᠦᠰᠦ ᠪᠠᠷ ᠬᠡᠤᠬᠡᠳ ᠢᠶᠠᠨ ᠰᠤᠷᠭᠠᠭᠰᠡᠨ﹀﹀ ᠭᠡᠳᠡᠭ ᠲᠤᠮᠤᠭ ᠲᠠᠬᠢ ᠠᠯᠤᠨ ᠭᠤᠸ᠎ᠠ ᠡᠬᠡ ᠶᠢᠨ ︿︿ᠲᠠ ᠠᠬ᠎ᠠ ᠲᠡᠭᠦᠦ ᠲᠠᠪᠤᠭᠤᠯᠠ ᠴᠦᠮ ᠮᠢᠨᠦ ᠨᠢᠭᠡ ᠬᠡᠪᠡᠯᠢ  ᠠᠴᠠ ᠲᠦᠷᠦᠭᠰᠡᠨ ᠪᠢᠰᠢ ᠦᠦ︖ ᠲᠠ ᠬᠡᠷᠪᠡ ᠬᠠᠷᠢᠯᠴᠡᠨ ᠪᠤᠰᠤᠴᠢᠯᠡᠨ ᠭᠠᠭᠴᠠ ᠭᠠᠭᠴᠠ ᠪᠠᠷ ᠰᠠᠯᠪᠡᠯ᠂ ᠶᠠᠭ ᠲᠤᠭᠠᠷ ᠤᠨ ᠨᠢᠵᠡᠭᠡᠳ ᠮᠦᠰᠦᠨ ᠮᠡᠳᠦ ᠬᠡᠨ ᠬᠦᠮᠦᠨ ᠳᠤ ᠬᠢᠯᠪᠠᠷᠬᠠᠨ ᠳᠡᠶᠢᠯᠦᠭᠳᠡᠨ᠎ᠡ᠃  ᠬᠡᠷᠪᠡ ᠡᠶ᠎ᠡ ᠡᠪᠳᠡᠢ ᠨᠢᠭᠡᠳᠦᠨ ᠬᠠᠷᠢᠯᠴᠠᠨ ᠲᠤᠰᠠᠯᠠᠵᠤ ᠶᠠᠪᠤᠪᠠᠯ᠂ ᠬᠠᠷᠢᠨ ᠡᠨᠡ ᠮᠡᠳᠦ ᠪᠠᠭᠯᠠᠭᠰᠡᠨ ᠲᠠᠪᠤᠨ ᠮᠦᠰᠦ ᠮᠡᠳᠦ ᠬᠡᠨ ᠬᠦᠮᠦᠨ  ᠳᠤ ᠴᠦ ᠬᠢᠯᠪᠡᠷ ᠲᠡᠶᠢᠯᠦᠭᠳᠡᠬᠦ ᠦᠭᠡᠢ ᠪᠤᠯᠤᠨ᠎ᠡ  ﹀﹀ ᠭᠡᠰᠡᠨ ᠰᠤᠷᠭᠠᠯ ᠨᠢ ᠶᠤᠰᠤᠳᠡᠢ ᠰᠡᠴᠡᠨ ᠮᠡᠷᠭᠡᠨ ᠰᠤᠷᠭᠠᠯ ᠪᠤᠯᠤᠨ᠎ᠡ᠃ ᠲᠡᠶᠢᠮᠦ ᠤᠴᠢᠷ ᠠᠴᠠ ᠲᠡᠤᠭᠡᠨ ᠳᠤ ᠲᠡᠭᠦᠨ ᠢ ᠤᠯᠤᠰ ᠲᠦᠷᠦ ᠶᠢᠨ ᠦᠵᠡᠯᠳᠡ ᠲᠠᠢ ᠠᠭᠤᠤ ᠶᠡᠭᠡ ᠡᠬᠡ ᠭᠡᠵᠦ ᠲᠡᠮᠳᠡᠭᠯᠡᠭᠰᠡᠨ ᠪᠠᠶᠢᠳᠠᠭ᠃ ᠲᠡᠭᠦᠨ ᠤ ᠲᠠᠪᠤᠨ ᠮᠦᠰᠦ ᠪᠠᠷ ᠬᠡᠤᠬᠡᠳ ᠢᠶᠠᠨ ᠰᠤᠷᠭᠠᠭᠰᠡᠨ ᠰᠤᠷᠭᠠᠯ ᠬᠢᠭᠡᠳ ᠲᠠᠨᠢᠯᠳᠡ ᠦᠵᠡᠯᠳᠡ ᠨᠢ ᠬᠤᠵᠢᠮ ᠤᠨ ᠦᠷ᠎ᠡ ᠠᠴᠢ ᠨᠠᠷ ᠲᠤᠨᠢ ᠴᠦ ᠲᠤᠩ ᠠᠰᠢᠭᠳᠠᠢ ᠰᠤᠷᠭᠠᠮᠵᠢ ᠪᠤᠯᠵᠦ ᠪᠠᠶᠢᠭ᠎ᠠ ᠶᠤᠮ᠃ ᠪᠤᠳᠠᠨᠴᠡᠷ ︿︿ᠪᠡᠶ᠎ᠡ ᠲᠦᠷᠦᠭᠦᠦ ᠲᠠᠢ ᠰᠠᠶᠢᠨ᠂ ᠲᠡᠪᠡᠯ ᠵᠠᠭᠠᠮ᠎ᠠ ᠲᠠᠢ ᠰᠠᠶᠢᠨ﹀﹀ ᠭᠡᠳᠡᠭ ᠶᠤᠰᠦ  ᠪᠠᠷ ᠦᠪᠡᠷ ᠤᠨ ᠠᠬ᠎ᠠ ᠪᠤᠬ᠎ᠠ ᠬᠠᠳᠠᠬᠢ ᠶᠢ ᠬᠡᠯᠡᠵᠦ ᠪᠢᠰᠢᠷᠡᠭᠦᠯᠦᠭᠡᠳ᠂ ᠠᠬ᠎ᠠ ᠲᠡᠭᠦᠦ ᠲᠠᠪᠤᠭᠤᠯᠠ ᠰᠡᠳᠬᠢᠯ ᠨᠢᠭᠡᠳᠦᠨ ᠬᠦᠴᠦ ᠬᠠᠮᠳᠤᠷᠡᠯᠴᠠᠭᠠᠳ ᠲᠤᠩᠭᠠᠯᠠᠭ ᠪᠤᠯᠠᠭ ᠤᠨ ᠬᠦᠪᠡᠭᠡ ᠪᠠᠷ ᠨᠢ ᠨᠤᠳᠤᠭᠰᠢᠨ ᠰᠠᠭᠤᠭᠰᠡᠨ ᠢᠷᠭᠡᠳ  ᠢ ᠨᠤᠮᠳᠬᠤᠬᠠᠭᠠᠳ ᠠᠳᠤᠭᠤ ᠮᠠᠯ᠂ ᠬᠤᠭᠰᠢᠯ ᠬᠦᠷᠦᠩᠭᠡ ᠢ ᠬᠤᠪᠢᠶᠠᠨ ᠠᠪᠴᠦ ᠠᠷᠠᠳ ᠢᠷᠭᠡᠳ ᠢ ᠨᠢ  ᠵᠠᠷᠤᠴᠠ ᠪᠤᠯᠭᠠᠪᠠ᠃      ︿︿ᠮᠤᠩᠭᠤᠯ ᠤᠨ ᠨᠢᠭᠤᠴᠠ ᠲᠤᠪᠴᠢᠶᠠᠨ﹀﹀ ᠳᠤ ᠪᠠᠭ᠎ᠠ ᠨᠠᠰᠤᠨ ᠤ ᠲᠡᠮᠦᠵᠢᠨ ᠨᠢᠭᠡ ᠤᠳᠠᠭ᠎ᠠ ᠪᠤᠷᠤᠭᠤ ᠶᠡᠪᠤᠳᠡᠯ ᠬᠢᠭᠰᠡᠨ ᠳᠤ ᠦᠭᠡᠯᠦᠨ ᠡᠬᠡ ᠨᠢ ᠰᠤᠷᠭᠠᠨ ᠬᠡᠯᠡᠭᠰᠡᠨ ᠦᠯᠢᠭᠡᠷ ᠢ ᠲᠡᠮᠳᠡᠭᠯᠡᠵᠦ ᠪᠠᠶᠢᠳᠠᠭ᠃ ᠲᠡᠮᠦᠵᠢᠨ ᠦᠭᠡᠯᠡᠢ ᠶᠡᠭᠡ ᠪᠤᠯᠵᠦ᠂ ᠡᠷ᠎ᠡ ᠶᠢᠨ ᠴᠡᠭᠡᠯ ᠳᠤ ᠬᠦᠷᠦᠭᠰᠡᠨ ᠤ ᠬᠤᠶᠢᠨ᠎ᠡ᠂ ᠡᠭᠡ ᠶᠢᠨ ᠢᠶᠠᠨ ᠰᠤᠷᠭᠠᠯ ᠪᠠ ᠲᠡᠭᠡᠳᠦᠰ  ᠤᠨ ᠰᠤᠷᠭᠠᠯ ᠢ ᠪᠠᠳᠦ ᠴᠡᠭᠡᠵᠢᠯᠡᠵᠦ᠂ ᠲᠦᠴᠢᠭᠡᠳ ᠵᠢᠯ ᠤᠨ ᠴᠡᠷᠢᠭ ᠲᠡᠶᠢᠨ ᠪᠤᠯᠤᠨ ᠤᠯᠤᠰ ᠲᠦᠷᠦ ᠶᠢᠨ ᠠᠮᠢᠳᠦᠷᠡᠯ ᠲᠤᠮᠳᠠ ᠦᠪᠡᠷ ᠤᠨ ᠪᠡᠶ᠎ᠡ   ᠳᠡᠭᠡᠨ ᠲᠦᠪ ᠴᠢᠩᠭ᠎ᠠ ᠬᠠᠨᠳᠦᠵᠦ᠂ ᠪᠦᠯᠬᠦᠮᠳᠡᠨ ᠲᠡᠮᠡᠴᠡᠵᠦ  ᠪᠠᠶᠢᠭᠠᠳ ᠮᠤᠩᠭᠤᠯ ᠤᠨ ᠡᠯ᠎ᠡ ᠤᠭᠰᠠᠭ᠎ᠠ ᠠᠶᠢᠮᠠᠭ ᠤᠳ ᠢ ᠨᠢᠭᠡᠳᠭᠡᠵᠦ᠂ ᠲᠡᠭᠷᠢ ᠭᠠᠵᠠᠷ ᠢ ᠲᠤᠩᠰᠤᠯᠭᠠᠭᠰᠡᠨ ᠶᠡᠭᠡ ᠦᠢᠯᠡᠰ  ᠢ   ᠪᠦᠳᠦᠭᠡᠭᠰᠡᠨ ᠪᠠᠶᠢᠨ᠎ᠡ᠃     ᠡᠷᠳᠡᠨ ᠤ ᠮᠤᠩᠭᠤᠯᠴᠤᠳ ᠦᠷ᠎ᠡ ᠠᠴᠢ ᠨᠠᠷ ᠲᠠᠭᠠᠨ ᠦᠢᠯᠡᠳᠪᠦᠷᠢᠯᠡᠯ ᠬᠦᠳᠡᠯᠮᠦᠷᠢ᠂ ᠴᠢᠷᠢᠭ ᠤᠨ ᠶᠡᠪᠤᠳᠡᠯ ᠵᠢᠴᠢ ᠰᠤᠷᠭᠠᠨ ᠬᠦᠮᠦᠵᠢᠯ ᠵᠡᠷᠭᠡ ᠡᠯ᠎ᠡ ᠲᠠᠯ᠎ᠠ ᠶᠢᠨ ᠪᠤᠯᠪᠠᠰᠤᠷᠡᠯ ᠬᠢᠬᠦ ᠮᠦᠷᠳᠡᠭᠡᠨ ᠪᠠᠰᠠ ᠦᠵᠡᠯ ᠰᠠᠨᠠᠭ᠎ᠠ᠂ ᠶᠤᠰᠦ ᠮᠤᠷᠡᠯ ᠤᠨ ᠬᠦᠮᠦᠵᠢᠯ ᠢ ᠨᠡᠶᠢᠳᠡ ᠪᠠᠷ ᠬᠦᠨᠳᠦᠳᠭᠡᠵᠦ ᠮᠠᠰᠢ ᠴᠢᠩᠭ᠎ᠠ ᠱᠠᠭᠠᠷᠳᠠᠯᠭ᠎ᠠ ᠲᠠᠯᠪᠢᠳᠠᠭ ᠪᠠᠶᠢᠵᠠᠢ᠃ ᠮᠤᠩᠭᠤᠯᠴᠤᠳ ᠡᠷᠳᠡᠨ ᠠᠴᠠ ᠠᠪᠤᠭᠠᠳ ᠦᠪᠡᠷ ᠤᠨ ᠦᠨᠳᠦᠰᠦ ᠤᠭᠰᠠᠭ᠎ᠠ ᠪᠠᠨ ᠪᠠᠳᠦ ᠴᠡᠭᠡᠵᠢᠯᠡᠵᠦ᠂ ᠦᠨᠳᠦᠰᠦᠳᠡᠨ ᠤ ᠪᠠᠨ ᠵᠠᠩ  ᠲᠠᠳᠬᠠᠯ ᠢ ᠪᠠᠷᠢᠮᠳᠠᠯᠠᠭᠰᠡᠭᠠᠷ ᠢᠷᠡᠪᠠ᠃ ᠤᠴᠢᠷ ᠨᠢ  ᠲᠡᠳᠡ ᠪᠤᠰᠤᠳ ᠠᠶᠢᠮᠠᠭ ᠶᠡᠰᠤᠳᠡᠨ ᠲᠠᠢ ᠠᠳᠠᠯᠢ ᠦᠭᠡᠢ᠃ ᠦᠷ᠎ᠡ ᠠᠴᠢ ᠨᠠᠷ ᠢᠶᠠᠨ ᠢᠳᠬᠠᠨ ᠰᠤᠷᠭᠠᠬᠤ ᠲᠤᠬᠠᠢ ᠱᠠᠰᠢᠨ ᠰᠢᠳᠤᠯᠭᠡ ᠳᠡᠳᠠ ᠨᠡᠷ ᠲᠤ  ᠤᠭ ᠠᠴᠠ ᠪᠠᠨ ᠪᠠᠶᠢᠭᠰᠡᠨ ᠦᠭᠡᠢ ᠪᠤᠯᠬᠤᠷ ᠡᠴᠢᠭᠡ ᠡᠬᠡ  ᠪᠤᠯᠤᠭᠰᠡᠳ ᠨᠢ ᠦᠷ᠎ᠡ  ᠬᠡᠤᠬᠡᠳ ᠲᠡᠭᠡᠨ ᠴᠦᠮ ᠡᠪᠦᠭᠡ ᠲᠡᠭᠡᠳᠦᠰ ᠤᠨ ᠤᠳᠤᠮ ᠲᠦᠷᠦᠯ ᠤᠨ ᠪᠠᠶᠢᠳᠡᠯ ᠢᠶᠠᠨ ᠦᠭᠦᠯᠡᠨ ᠲᠤᠭᠠᠴᠠᠳᠠᠭ ᠠᠵᠠᠢ᠃    ᠮᠤᠩᠭᠤᠯ ᠤᠪᠤᠭᠳᠡᠨ᠂ ᠢᠯᠠᠩᠭᠤᠸ᠎ᠠ ᠴᠢᠩᠬᠢᠰ ᠬᠠᠭᠠᠨ   ᠤ ᠪᠤᠷᠵᠢᠭᠢᠨ ᠤᠪᠤᠭᠳᠡᠨ ᠤ ᠤᠭ ᠲᠡᠮᠳᠡᠭᠯᠡᠯ ᠤᠨ ᠲᠤᠬᠠᠢ ︿︿ᠮᠤᠩᠭᠤᠯ ᠤᠨ ᠨᠢᠭᠤᠴᠠ ᠲᠤᠪᠴᠢᠶᠠᠨ﹀﹀ ᠳᠤ  ᠨᠠᠷᠢᠨ ᠲᠤᠳᠤᠷᠬᠠᠢ ᠦᠭᠦᠯᠡᠭᠰᠡᠨ ᠪᠠᠶᠢᠳᠠᠭ᠃ ᠮᠤᠩᠭᠤᠯᠴᠤᠳ ᠦᠪᠡᠷ ᠤᠨ ᠡᠪᠦᠭᠡ ᠲᠡᠭᠡᠳᠤᠰ ︵ᠡᠮᠡᠭᠳᠡᠢ ᠲᠡᠭᠡᠳᠤᠰ  ᠪᠠᠭᠳᠠᠨ᠎ᠡ︶ ᠲᠡᠭᠡᠨ ᠲᠤᠩ ᠭᠦᠨ ᠰᠠᠭᠤᠭᠳᠡᠯ ᠲᠠᠢ ᠪᠠᠶᠢᠳᠠᠭ ᠰᠠᠨ᠃ ᠠᠯᠳᠠᠷᠳᠦ ᠮᠤᠩᠭᠤᠯᠴᠢ ᠲᠡᠤᠭᠡᠴᠢᠨ ᠷᠠᠰᠢᠳ᠋ ᠤᠨ ᠬᠡᠯᠡᠭᠰᠡᠨᠴᠢᠯᠡᠨ᠄ ︿︿ ᠲᠡᠳᠡᠨ  ᠳᠤ ᠪᠦᠷ ᠨᠠᠷᠢᠨ ᠲᠤᠳᠤᠷᠬᠠᠢ ᠤᠭ ᠲᠡᠮᠳᠡᠭᠯᠡᠯ ᠲᠠᠢ᠂ ᠤᠴᠢᠷ ᠨᠢ ᠮᠤᠩᠭᠤᠯᠴᠤᠳ ᠲᠤ ᠦᠪᠡᠷᠰᠡᠳ ᠤᠨ ᠡᠪᠦᠭᠡ ᠲᠡᠭᠡᠳᠤᠰ ᠤᠨ ᠢᠷᠡᠯᠳᠡ ᠪᠠᠨ ᠴᠡᠭᠡᠵᠢᠯᠡᠵᠦ  ᠪᠠᠶᠢᠳᠠᠭ ᠵᠠᠩ  ᠵᠤᠷᠰᠢᠯ ᠲᠠᠢ᠃ ᠲᠡᠳᠡᠨ ᠨᠡᠷ ᠰᠢᠨ᠎ᠡ ᠪᠠᠷ ᠮᠡᠨᠳᠤᠯᠡᠭᠰᠡᠨ ᠬᠡᠤᠬᠡᠳ ᠨᠢᠭᠡᠪᠤᠷᠢ ᠳᠡᠭᠡᠨ ᠠᠯᠢ ᠨᠢᠭᠡᠨ ᠤᠪᠤᠭ ᠲᠦᠷᠤᠯ ᠤᠨ ᠬᠢᠨ ᠪᠤᠯᠬᠤ ᠶᠢ ᠶᠠᠷᠢᠵᠦ ᠦᠭᠳᠡᠭ᠃ ᠡᠨᠡ ᠨᠢ ᠶᠠᠭ ᠦᠭᠡᠷ᠎ᠡ ᠦᠨᠳᠦᠰᠦᠳᠡᠨ ᠠᠯᠢ ᠨᠢᠭᠡᠨ ᠤᠪᠤᠭᠳᠡᠨ ᠤ ᠦᠷᠡᠰ ᠭᠡᠳᠡᠭ ᠢᠶᠠᠨ ᠬᠡᠯᠡᠳᠡᠭ ᠠᠳᠠᠯᠢ᠃ ᠲᠡᠶᠢᠮᠦ ᠠᠴᠠ ᠦᠪᠡᠷ ᠢᠶᠠᠨ ᠠᠯᠢ ᠠᠶᠢᠮᠠᠭ ᠤᠭᠰᠠᠭᠠᠳᠡᠨ ᠤ ᠢᠷᠡᠯᠳᠡ ᠲᠠᠢ ᠭᠡᠳᠡᠭ ᠢᠶᠠᠨ ᠮᠡᠳᠡᠬᠦ ᠦᠭᠡᠢ ᠬᠦᠮᠦᠨ ᠨᠢᠭᠡ ᠴᠦ ᠦᠭᠡᠢ ᠶᠤᠮ﹀﹀ ᠭᠡᠵᠡᠢ᠃     ᠬᠦᠮᠦᠰ ᠦᠨᠳᠦᠰᠦᠳᠡᠨ ᠤ ᠪᠠᠨ ᠲᠡᠤᠭᠡ ᠤᠯᠠᠮᠵᠢᠯᠠᠬᠤ ᠶᠠᠷᠢᠶ᠎ᠠ᠂ ᠤᠪᠤᠭ ᠲᠦᠷᠦᠯᠬᠢᠳᠡᠨ ᠤ ᠪᠠᠨ ᠪᠠᠭᠠᠳᠤᠷᠯᠢᠭ ᠦᠢᠯᠡᠰ ᠤᠳ ᠢ ᠦᠢᠯᠭᠠᠵᠦ᠂ ᠤᠪᠤᠭ ᠲᠦᠷᠦᠯᠬᠢᠳᠡᠨ` ᠤ ᠠᠮᠢᠳᠤᠷᠡᠯ᠂ ᠨᠡᠶᠢᠭᠡᠮ ᠤᠨ ᠪᠦᠳᠦᠴᠡ ᠪᠠ ᠵᠠᠩ ᠲᠠᠳᠬᠠᠯ ᠳᠤ ᠨᠡᠪᠳᠡᠷᠬᠡᠢ ᠪᠤᠯᠤᠭᠰᠡᠨ ᠤ ᠲᠠᠭᠤ ᠳᠤ ᠤᠪᠤᠭ ᠲᠦᠷᠦᠯᠬᠢᠳᠡᠨ ᠤ ᠶᠤᠰᠤ ᠮᠤᠷᠠᠯ ᠤᠨ ᠦᠵᠡᠯᠳᠡ ᠠᠩᠬ᠎ᠠ ᠠᠯᠬᠤᠮ ᠪᠤᠢ ᠪᠤᠯᠤᠭᠰᠡᠨ ᠪᠠᠶᠢᠳᠠᠭ᠃ ᠢᠩᠭᠢᠭᠰᠡᠨ ᠢᠶᠠᠷ ᠲᠡᠳᠡᠨ ᠤ ᠤᠪᠤᠭ ᠲᠦᠷᠦᠯ᠂ ᠠᠶᠢᠮᠠᠭ ᠤᠭᠰᠠᠭ᠎ᠠ ᠪᠠ ᠭᠡᠷ ᠪᠦᠯᠢ ᠶᠢᠨ ᠲᠤᠬᠠᠢ ᠢᠷᠠᠭᠤ ᠠᠯᠳᠠᠷᠳᠦ ᠰᠡᠳᠭᠢᠯᠭᠡ᠂ ᠤᠮᠤᠭ  ᠪᠠᠭ᠋ᠠᠳᠤᠯᠳᠤ ᠰᠡᠳᠭᠢᠯᠭᠡ ᠪᠤᠯᠤᠨ ᠬᠠᠷᠢᠭᠤᠴᠠᠯᠭᠠᠳᠤ ᠰᠡᠳᠭᠢᠯᠭᠡ   ᠶᠢ ᠪᠤᠢ ᠪᠤᠯᠭᠠᠭᠰᠡᠨ ᠪᠠ ᠨᠡᠮᠡᠭᠳᠡᠭᠦᠯᠵᠦ᠂ ᠬᠠᠮᠳᠦ ᠨᠡᠶᠢᠳᠡ ᠶᠢᠨ ᠲᠦᠯᠦᠭᠡ ᠲᠡᠮᠡᠴᠡᠬᠦ ᠪᠠ ᠠᠮᠢ ᠪᠡᠶ᠎ᠡ ᠪᠠᠨ ᠴᠦᠯᠡᠬᠦ ᠵᠤᠷᠢᠭ ᠰᠠᠨᠠᠭ᠎ᠠ ᠶᠢ ᠪᠠᠳᠠᠷᠠᠭᠤᠯᠬᠤ ᠪᠤᠯᠭᠠᠵᠠᠢ᠃     ᠡᠷᠳᠡᠨ ᠤ ᠮᠤᠩᠭᠤᠯᠴᠤᠳ ᠠᠬᠠᠰ ᠵᠠᠬᠠᠰ ᠢᠶᠠᠨ ᠬᠦᠨᠳᠦᠳᠭᠡᠬᠦ ᠶᠠᠪᠤᠳᠡᠯ ᠢ ᠲᠤᠩ ᠡᠷᠬᠢᠮᠯᠡᠳᠡᠭ᠃ ︿︿ᠠᠮᠢ ᠨᠢᠭᠡᠨ ᠦᠨᠳᠦᠰᠦᠳᠡᠨ ᠤ ᠬᠦᠦ ᠨᠢ ᠡᠴᠢᠭᠡ ᠶᠢᠨ ᠢᠶᠠᠨ ᠰᠤᠷᠭᠠᠯ ᠢ ᠠᠪᠬᠤ ᠦᠭᠡᠢ᠂ ᠲᠡᠭᠦᠦ ᠨᠢ ᠠᠬ᠎ᠠ ᠶᠢᠨ ᠢᠶᠠᠨ ᠦᠭᠡ ᠶᠢ ᠰᠤᠨᠤᠰᠬᠤ ᠦᠭᠡᠢ᠂ ᠡᠷ᠎ᠡ ᠨᠢ ᠡᠮ᠎ᠡ ᠶᠢᠨ ᠢᠶᠠᠨ ᠴᠡᠭᠡᠴᠢ ᠵᠢᠷᠤᠮ ᠢ ᠢᠳᠡᠭᠡᠬᠦ ᠦᠭᠡᠢ᠂ ᠡᠮ᠎ᠡ ᠨᠢ ᠡᠷ᠎ᠡ  ᠶᠢᠨ ᠢᠶᠠᠨ ᠠᠶ᠎ᠠ ᠶᠢ ᠲᠠᠭᠠᠬᠤ ᠦᠭᠡᠢ᠂ ᠬᠠᠳᠠᠮ ᠨᠢ ᠪᠡᠷᠢᠶᠡᠳ ᠢᠶᠠᠨ ᠬᠠᠯᠠᠮᠵᠢᠯᠠᠬᠤ ᠦᠭᠡᠢ᠂ ᠪᠡᠷᠢᠶᠡᠳ ᠨᠢ ᠬᠠᠳᠠᠮ  ᠢᠶᠠᠨ ᠬᠦᠨᠳᠦᠯᠡᠬᠦ ᠦᠭᠡᠢ᠂ ᠠᠬᠠᠮᠠᠳ ᠨᠢ ᠨᠢᠯᠬᠠᠰ ᠢᠶᠠᠨ ᠬᠠᠮᠠᠭᠠᠯᠠᠬᠤ ᠦᠭᠡᠢ᠂ ᠪᠠᠭᠠᠴᠤᠳ ᠨᠢ ᠠᠬᠠᠮᠠᠳ ᠤᠨ ᠢᠶᠠᠨ ᠰᠤᠷᠭᠠᠯ ᠢ ᠠᠪᠬᠤ ᠦᠭᠡᠢ᠂ ᠶᠡᠭᠡᠰᠴᠤᠳ ᠨᠢ ᠰᠢᠳᠡᠷᠴᠤᠳ ᠢᠶᠠᠨ ᠢᠳᠡᠭᠡᠭᠡᠳ ᠤᠷᠴᠢᠨ ᠲᠤᠭᠤᠷᠢᠨ ᠤ ᠪᠠᠨ ᠢᠳᠡᠭᠡᠯᠳᠡᠢ ᠬᠦᠮᠦᠰ ᠠᠴᠠ ᠪᠠ ᠭᠠᠳᠠᠨᠠᠬᠢ ᠤᠯᠡᠨ ᠠᠴᠠ ᠪᠠᠨ ᠵᠠᠶᠢᠳᠠᠬᠤ᠂ ᠪᠡᠶᠡᠳ ᠭᠡᠷᠭᠡᠮᠳᠡᠳ  ᠤᠯᠤᠰ ᠤᠨ ᠲᠤᠳᠤᠷᠡᠬᠢ ᠠᠷᠠᠳ  ᠢᠷᠭᠡᠳ ᠢᠶᠠᠨ ᠲᠡᠳᠭᠦᠬᠦ ᠦᠭᠡᠢ᠂ ᠵᠠᠩ ᠠᠷᠡᠨᠰᠢᠯ ᠪᠠ ᠬᠠᠤᠯᠢ ᠵᠡᠷᠯᠡᠯ ᠢ ᠬᠦᠩᠭᠡᠪᠴᠢᠯᠡᠵᠦ᠂ ᠦᠷᠦ ᠡᠪᠡᠳᠴᠦ ᠡᠨᠡᠷᠢᠬᠦ ᠦᠭᠡᠢ᠂ ᠴᠠᠭᠠᠰᠢᠯᠡᠪᠡᠯ ᠲᠠᠶᠢᠰᠤᠩᠨᠠᠭᠴᠢ ᠡᠳᠡᠭᠡᠳ ᠪᠤᠯᠬᠤ ᠡᠶᠢᠮᠦᠷᠬᠦᠦ ᠦᠨᠳᠦᠰᠦᠳᠡᠨ  ᠳᠤ ᠬᠤᠯᠠᠭᠠᠢ ᠬᠢᠬᠦ᠂ ᠬᠤᠳᠡᠯ ᠬᠡᠯᠡᠬᠦ᠂ ᠲᠡᠶᠢᠰᠤᠩᠨᠠᠭᠴᠢ ᠪᠤᠯᠬᠤ ᠪᠠ ᠮᠡᠬᠡᠯᠡᠭᠴᠢ ᠡᠳᠡᠭᠡᠳ ᠲᠡᠳᠡᠨ ᠤ ᠪᠠᠭᠤᠴᠠᠡ ᠤ ᠨᠠᠷᠠ ᠶᠢ ᠬᠠᠯᠬᠠᠯᠠᠬᠤ ᠳᠤ ᠬᠦᠷᠦᠨ᠎ᠡ᠃ ᠳᠡᠳᠡ ᠨᠠᠷ ᠲᠡᠭᠡᠷᠡᠮᠳᠡᠯ ᠳᠤ ᠤᠴᠠᠷᠠᠵᠦ᠂ ᠠᠳᠤᠭᠤᠨ  ᠰᠦᠷᠦᠭ ᠨᠢ ᠠᠮᠦᠷ ᠲᠠᠶᠢᠪᠤᠩ ᠦᠭᠡᠢ᠂ ᠠᠶᠠᠨ ᠲᠠᠶᠢᠨ ᠳᠤ ᠬᠤᠰᠢᠭᠤᠷᠠᠭᠰᠡᠨ ᠠᠭᠳᠠ ᠨᠢ  ᠲᠠᠷᠳᠠᠭᠤᠨ ᠦᠬᠦᠳᠬᠢᠨ ᠤᠨᠠᠵᠤ᠂ ᠢᠯᠵᠡᠷᠡᠨ ᠲᠤᠷᠤᠶᠢᠳᠠᠭᠠᠳ ᠰᠦᠢᠷᠡᠬᠦ ᠪᠤᠯᠤᠨ᠎ᠠ﹀﹀᠃ ᠡᠴᠢᠭᠡ ᠡᠬᠡ ᠪᠤᠯᠤᠭᠰᠡᠳ ᠦᠷ᠎ᠡ ᠬᠡᠤᠬᠡᠳ ᠢᠶᠠᠨ ᠬᠦᠮᠦᠵᠢᠭᠦᠯᠦᠨ ᠪᠤᠶᠢᠵᠢᠭᠤᠯᠬᠤ ᠪᠠᠷ ᠰᠠᠨᠠᠭ᠎ᠠ ᠰᠡᠳᠭᠢᠯ ᠢᠶᠠᠨ ᠵᠦᠳᠡᠭᠡᠳᠡᠭ ᠲᠤᠯᠠ ᠦᠷ᠎ᠡ ᠬᠡᠤᠬᠡᠳ ᠨᠢ ᠡᠷᠬᠡᠪᠰᠢ ᠡᠴᠢᠭᠡ ᠡᠬᠡ ᠳᠡᠭᠡᠨ ᠠᠴᠢᠯᠠᠯ ᠲᠠᠢ ᠪᠠᠶᠢᠬᠤ ᠬᠡᠷᠡᠭᠳᠡᠢ ᠭᠡᠵᠦ ᠴᠢᠩᠭᠢᠰ ᠬᠠᠭᠠᠨ ᠦᠵᠡᠳᠡᠭ᠄         ︿︿ ᠡᠨᠡᠷᠢᠯᠳᠦ ᠡᠬᠡ ᠶᠢᠨ ᠬᠠᠶᠢᠷ᠎ᠠ ᠶᠢ ᠮᠠᠷᠳᠠᠵᠦ            ᠡᠨᠡᠷᠢᠬᠦ ᠰᠡᠳᠭᠢᠯ ᠢ ᠭᠤᠮᠤᠳᠠᠭᠠᠭᠰᠡᠨ ᠦᠶ᠎ᠡ ᠳᠤ            ᠡᠨᠡᠯᠪᠡᠴᠦ ᠬᠡᠷᠡᠭ ᠶᠠᠭᠤᠨ︖            ᠡᠬᠡ ᠶᠢᠨ ᠡᠯᠪᠡᠷᠢᠯ ᠢ ᠤᠮᠠᠷᠳᠠᠵᠤ            ᠵᠢᠷᠤᠬᠡ ᠰᠡᠳᠭᠢᠯ ᠢ ᠬᠠᠭᠰᠠᠭᠠᠪᠠᠯ            ᠡᠯᠢᠭᠡ ᠡᠰᠡᠨ ᠪᠦᠳᠦᠨ ᠶᠠᠪᠤᠶᠤ﹀﹀᠃᠃        ᠴᠢᠩᠬᠢᠰ ᠬᠠᠭᠠᠨ ᠠᠬᠠᠰ ᠵᠠᠬᠠᠰ ᠢᠶᠠᠨ ᠲᠤᠩ ᠬᠦᠨᠳᠦᠳᠭᠡᠳᠡᠭ ᠪᠦᠭᠡᠳ ᠠᠬᠠᠰ ᠵᠠᠬᠠᠰ ᠢᠶᠠᠨ  ᠬᠦᠨᠳᠦᠯᠡᠬᠦ ᠬᠦᠮᠦᠨ ᠢ ᠴᠦ  ᠮᠠᠰᠢ ᠪᠢᠰᠢᠷᠡᠨ ᠮᠠᠭᠳᠠᠳᠠᠭ᠃ ︿︿ᠶᠤᠸᠠᠨ ᠤᠯᠤᠰ ᠤᠨ ᠲᠡᠤᠭᠡ﹀﹀ ᠳᠤ ︿︿ᠨᠢᠭᠡᠨ ᠡᠳᠤᠷ ᠤᠯᠡᠨ ᠰᠡᠶᠢᠳ ᠲᠦᠰᠢᠮᠡᠳ ᠢᠶᠠᠨ ᠲᠠᠭᠠᠭᠤᠯᠵᠤ ᠠᠩ ᠬᠦᠷᠦᠭᠡ ᠲᠠᠯᠪᠢᠨ ᠶᠠᠪᠤᠵᠦ ᠪᠠᠶᠢᠳᠠᠯ᠎ᠠ ᠨᠢᠭᠡᠨ ᠬᠤᠨᠢᠨ ᠰᠦᠷᠦᠭ ᠤᠨ ᠲᠡᠷᠭᠡᠳᠡ  ᠠᠷᠪᠠ ᠭᠠᠷᠤᠢ ᠨᠠᠰᠤᠨ ᠤ ᠪᠢᠴᠢᠬᠠᠨ ᠬᠦᠪᠡᠭᠡᠨ ᠲᠠᠰᠢᠭᠤᠷ ᠢᠶᠠᠨ ᠭᠠᠵᠠᠷ ᠬᠠᠳᠬᠤᠵᠤ ᠮᠠᠯᠠᠭᠠᠢ ᠪᠠᠨ ᠲᠡᠭᠡᠷ᠎ᠡ ᠨᠢ ᠵᠡᠭᠦᠯᠭᠡᠭᠳ ᠮᠡᠭᠦᠶᠢᠨ ᠶᠤᠰᠤᠯᠠᠵᠤ ᠲᠠᠭᠤᠯᠡᠨ ᠪᠦᠵᠢᠭᠯᠡᠵᠦ ᠪᠠᠶᠢᠪᠠ᠃ ᠴᠢᠩᠬᠢᠰ ᠬᠠᠭᠠᠨ ᠶᠡᠭᠡ ᠯᠡ ᠭᠠᠶᠢᠬᠠᠨ  ᠲᠡᠷᠭᠡᠳᠡ ᠪᠠᠨ ᠲᠠᠭᠤᠳᠠᠵᠤ ᠠᠰᠠᠭᠤᠬᠤᠯ᠎ᠡ ᠪᠢᠴᠢᠬᠠᠨ ᠬᠦᠪᠡᠭᠦᠨ᠄ ︿︿ ︿ᠡᠷᠳᠡ ᠤ ᠮᠡᠷᠭᠡᠳ  ᠤᠨ ᠰᠤᠷᠭᠠᠯ ᠢ ᠦᠨᠳᠦᠰᠦᠯᠡᠪᠡᠯ᠂ ᠬᠤᠶᠠᠷ ᠬᠦᠮᠦᠨ ᠬᠠᠮᠳᠦ ᠶᠠᠪᠤᠪᠡᠯ ᠨᠠᠰᠦ ᠠᠬ᠎ᠠ ᠪᠠᠨ ᠬᠦᠨᠳᠦᠯᠡᠨ᠎ᠡ᠃ ᠨᠢᠭᠡ ᠬᠦᠮᠦᠨ ᠭᠠᠭᠴᠠ ᠪᠠᠷ ᠶᠠᠪᠤᠪᠡᠯ ᠮᠠᠯᠠᠭᠠᠢ ᠪᠠᠨ ᠬᠦᠨᠳᠦᠯᠡᠨ᠎ᠡ ᠭᠡᠳᠡᠭ ᠶᠤᠮ᠃ ᠡᠨᠡ ᠡᠳᠦᠷ ᠶᠡᠭᠡ ᠬᠠᠭᠠᠨ ᠢ ᠬᠦᠷᠴᠦ ᠢᠷᠡᠨ᠎ᠡ ᠬᠡᠮᠡᠨ ᠰᠤᠨᠤᠰᠤᠭᠠᠳ ᠲᠦᠷᠦ ᠶᠤᠰᠦ ᠶᠢ ᠤᠷᠢᠳᠴᠢᠯᠡᠨ ᠰᠤᠷᠴᠦ ᠪᠠᠶᠢᠨ᠎ᠡ﹀ ᠭᠡᠵᠦ  ᠬᠠᠷᠢᠭᠤᠯᠪᠠ᠃ ᠴᠢᠩᠬᠢᠰ ᠬᠠᠭᠠᠨ ᠲᠡᠭᠦᠨ ᠢ ᠤᠷᠳᠤᠨ ᠳᠠᠭᠠᠨ ᠲᠠᠭᠠᠭᠤᠯᠤᠨ ᠠᠪᠠᠴᠢᠭᠠᠳ ᠪᠦᠷᠳᠡ ᠦᠵᠢᠨ ᠳᠤ ᠦᠭᠴᠦ ︿ ᠪᠢ ᠡᠨᠡ ᠡᠳᠦᠷ ᠠᠪᠠᠯᠠᠷ᠎ᠠ ᠭᠠᠷᠤᠭᠠᠳ ᠨᠢᠭᠡᠨ ᠭᠠᠶᠢᠬᠠᠮᠰᠢᠭᠳᠦ ᠬᠦᠪᠡᠭᠦᠨ ᠤᠯᠵᠦ ᠢᠷᠡᠪᠡ᠃ ᠲᠡᠭᠦᠨ ᠳᠤ ᠴᠠᠭᠠᠨ ᠭᠡᠳᠡᠭ ᠨᠡᠷ᠎ᠡ ᠦᠩᠭᠦᠭᠡᠳ ᠲᠠᠪᠤᠳᠤᠭᠠᠷ ᠬᠦᠪᠡᠭᠦᠨ ᠢᠶᠠᠨ ᠪᠤᠯᠭᠠᠶ᠎ᠠ︕﹀ ᠭᠡᠪᠡ᠃ ᠪᠦᠷᠳᠡ ᠤᠷᠵᠢᠨ ᠵᠦᠪᠰᠢᠶᠡᠷᠡᠭᠡᠳ ᠡᠷᠭᠦᠨ ᠠᠪᠴᠦ  ᠲᠡᠵᠢᠭᠡᠵᠡᠢ﹀﹀ ᠭᠡᠵᠦ ᠲᠡᠮᠳᠡᠭᠯᠡᠵᠦ ᠪᠤᠢ᠃ ᠡᠷᠳᠡᠨ ᠤ ᠮᠤᠩᠭᠤᠯᠴᠤᠳ ᠪᠦᠯᠬᠦᠮᠳᠡᠵᠡᠭᠡᠵᠦ ᠬᠠᠷᠢᠯᠴᠡᠨ ᠰᠤᠷᠭᠠᠵᠤ ᠶᠠᠪᠤᠳᠠᠭ  ᠪᠠᠶᠢᠵᠠᠢ᠃ ᠠᠬᠠᠮᠠᠳ ᠨᠢ ᠠᠮᠠ ᠪᠠᠷ ᠬᠡᠯᠡᠵᠦ ᠪᠡᠶ᠎ᠡ ᠪᠠᠷ   ᠢᠶᠠᠨ ᠬᠡᠪ ᠲᠦᠷᠢᠮ ᠪᠤᠯᠬᠤ ᠠᠴᠠ ᠭᠠᠳᠠᠨ᠎ᠠ ᠪᠠᠰᠠ ︿︿ᠠᠨᠳᠠ ᠶᠢᠨ ᠠᠬ᠎ᠠ ᠲᠡᠭᠦᠦ ᠪᠠᠷᠢᠯᠳᠤᠬᠤ ᠶᠠᠪᠤᠳᠡᠯ ᠴᠦ ᠤᠯᠡᠨ ᠪᠤᠢ᠃ ᠭᠡᠷ ᠪᠦᠯᠢ ᠪᠠ ᠨᠡᠶᠢᠭᠡᠮ ᠢᠶᠠᠷ ᠢᠶᠠᠨ ᠪᠦᠯᠬᠦᠮᠳᠡᠨ ᠬᠠᠪᠰᠤᠷᠤᠯᠴᠠᠵᠤ ᠰᠤᠷᠭᠠᠯ ᠬᠦᠮᠦᠵᠢᠯ ᠬᠢᠳᠡᠭ ᠤᠨ ᠤᠯᠠᠮ ᠢᠶᠠᠷ ᠡᠷᠳᠡ ᠦᠶ᠎ᠡ ᠶᠢᠨ ᠮᠤᠩᠭᠤᠯ ᠤᠨ ᠨᠡᠶᠢᠭᠡᠮ ᠨᠢ ᠡᠷᠡᠯᠬᠡᠭ ᠪᠠᠭᠠᠳᠤᠷᠯᠢᠭ ᠪᠦᠭᠡᠳ ᠬᠤᠪᠢ ᠪᠠᠨ ᠪᠤᠳᠤᠳᠠᠭ ᠦᠭᠡᠢ ᠨᠢᠭᠳᠠ ᠪᠦᠯᠬᠦᠮᠳᠡᠳᠡᠭ ᠵᠠᠩ ᠰᠤᠷᠳᠡᠯ ᠤᠨ ᠤᠨᠴᠠᠯᠢᠭ ᠢ ᠪᠤᠢ ᠪᠤᠯᠭᠠᠵᠤ᠂ ᠲᠡᠭᠦᠨᠴᠢᠯᠡᠨ ᠮᠤᠩᠭᠤᠯ ᠤᠨ ᠵᠠᠯᠠᠭᠤ ᠪᠠᠭᠠᠴᠤᠳ ᠤᠨ ᠰᠠᠶᠢᠨ ᠰᠠᠶᠢᠬᠠᠨ ᠦᠵᠡᠯ ᠰᠠᠨᠠᠭ᠎ᠠ ᠵᠠᠩ ᠮᠤᠷᠡᠯ ᠲᠠᠢ ᠪᠤᠯᠬᠤ   ᠳᠤᠨᠢ ᠮᠠᠰᠢ ᠴᠢᠬᠤᠯᠠ ᠦᠢᠯᠡᠳᠦᠯ ᠢ ᠭᠠᠷᠭᠠᠭᠰᠡᠨ ᠶᠤᠮ᠃      ᠤᠷᠢᠳᠦ ᠶᠢᠨ ᠮᠤᠩᠭᠤᠯ ᠡᠮᠡᠭᠳᠡᠶᠢᠴᠤᠳ ᠡᠷᠡᠭᠳᠡᠢ ᠬᠦᠮᠦᠨ ᠯᠦᠭᠡ ᠠᠳᠠᠯᠢᠬᠠᠨ ᠬᠠᠷ᠎ᠠ ᠪᠠᠭ᠎ᠠ ᠠᠴᠠ ᠪᠠᠨ ᠮᠤᠷᠢ ᠤᠨᠤᠵᠤ᠂ ᠨᠤᠮᠦ ᠰᠤᠮᠤ ᠬᠠᠷᠪᠤᠬᠤ ᠪᠠ  ᠦᠢᠯᠡᠳᠪᠦᠷᠢᠯᠡᠯ ᠳᠤ ᠴᠦ ᠴᠠᠭᠠᠷᠠᠭᠰᠡᠨ ᠪᠠᠶᠢᠳᠠᠭ᠃ ᠺᠡᠷᠪᠢᠨᠢ ᠶᠢᠨ ᠲᠡᠮᠳᠡᠭᠯᠡᠭᠰᠡᠨ ᠢᠶᠠᠷ ᠪᠤᠯ᠄ ︿︿ᠵᠠᠯᠠᠭᠤ ᠬᠡᠤᠬᠡᠨᠴᠤᠤᠳ ᠬᠢᠭᠡᠳ ᠪᠦᠰᠡᠭᠦᠶᠢᠴᠤᠳ ᠤᠨ ᠮᠤᠷᠢ ᠤᠨᠤᠬᠤ ᠪᠠ ᠮᠤᠷᠢᠨ ᠨᠢᠷᠤᠭᠤᠨ ᠲᠡᠭᠡᠷ᠎ᠡ ᠲᠡᠭᠳᠡᠵᠤ ᠦᠰᠦᠷᠭᠦ ᠨᠢ ᠪᠦᠰᠡᠳᠡᠶᠢᠴᠤᠳ ᠲᠠᠢ ᠨᠢᠭᠡᠨ ᠠᠳᠠᠯᠢ ᠪᠤᠰᠢᠭᠤ ᠱᠠᠯᠠᠮᠠᠭᠠᠢ ᠪᠠᠶᠢᠳᠠᠭ᠃ ᠴᠠᠭᠠᠭᠰᠢᠯᠠᠪᠠᠯ ᠲᠡᠳᠡ ᠨᠠᠷ ᠤᠨ ᠨᠤᠮᠤ ᠰᠤᠮᠤ ᠰᠠᠭᠠᠳᠠᠭᠯᠠᠬᠤ ᠶᠢ ᠬᠦᠷᠳᠡᠯ᠎ᠡ ᠪᠢᠳᠡ ᠤᠯᠵᠤ ᠦᠵᠡᠵᠡᠢ᠃ ᠡᠷᠡᠭᠳᠡᠢ ᠪᠠ ᠡᠮᠡᠭᠳᠡᠶᠢᠴᠤᠳ ᠨᠢ ᠴᠤᠭᠭᠠᠷ ᠮᠤᠷᠢ ᠤᠨᠤᠵᠤ ᠠᠶᠠᠨ ᠵᠠᠮ ᠬᠦᠭᠡᠭᠡᠬᠦ ᠶᠢ ᠲᠡᠰᠪᠦᠷᠢᠯᠡᠵᠦ ᠴᠢᠳᠠᠳᠠᠭ᠃ ᠲᠡᠳᠡᠨ ᠤ  ᠡᠮᠡᠭᠳᠡᠶᠢᠴᠤᠳ ᠨᠢ ᠶᠠᠩᠵᠦ ᠪᠦᠷᠢ ᠶᠢᠨ ᠶᠠᠭᠤᠮ᠎ᠠ ᠬᠢᠨ᠎ᠡ᠃ ᠠᠷᠠᠰᠤᠨ ᠲᠡᠪᠡᠯ᠂ ᠤᠷᠳᠤ ᠲᠡᠷᠯᠢᠭ᠂ ᠭᠤᠳᠤᠯ ᠲᠦᠷᠡᠶᠢᠪᠴᠢ ᠵᠢᠴᠢ ᠡᠯᠳᠡᠪ ᠵᠦᠢᠯ ᠶᠢᠨ ᠠᠷᠠᠰᠤᠨ ᠡᠳᠡᠯᠡᠯ ᠁ ᠵᠠᠷᠢᠮ ᠡᠮᠡᠭᠳᠡᠶᠢᠴᠤᠳ ᠨᠢ ᠡᠷᠡᠭᠳᠡᠢ ᠬᠦᠮᠦᠨ  ᠲᠠᠢ ᠠᠳᠠᠯᠢ ᠰᠤᠮᠤ ᠬᠠᠷᠪᠤᠵᠤ ᠴᠢᠳᠠᠨ᠎ᠠ﹀﹀ ᠭᠡᠵᠦ ᠲᠡᠮᠳᠡᠭᠯᠡᠭᠰᠡᠨ ᠪᠠᠶᠢᠳᠠᠭ᠃      ᠮᠠᠷᠺᠦ ᠫᠤᠯᠤ ᠪᠠᠰᠠ᠄ ︿︿ᠡᠮᠡᠭᠳᠡᠶᠢᠴᠤᠳ ᠨᠢ ᠠᠩᠬᠠᠷᠤᠯ ᠢᠶᠠᠨ ᠪᠦᠷ ᠦᠪᠡᠷ ᠤᠨ ᠢᠶᠠᠨ ᠦᠢᠯᠡᠰ ᠪᠠ ᠭᠡᠷ ᠤᠨ ᠠᠵᠢᠯ ᠲᠡᠭᠡᠷ᠎ᠡ ᠪᠠᠨ ᠲᠠᠯᠪᠢᠵᠡᠢ᠃ ᠵᠢᠱᠢᠶᠡᠯᠡᠪᠡᠯ᠂ ᠭᠡᠷ ᠪᠦᠯᠢ ᠶᠢᠨ ᠡᠷᠬᠡᠪᠰᠢ ᠬᠡᠷᠡᠭᠰᠡᠭᠦ ᠢᠳᠡᠭᠡᠨ ᠤ ᠵᠦᠢᠯ ᠢ ᠪᠡᠯᠡᠳᠭᠡᠬᠦ᠂ ᠵᠠᠷᠤᠴᠠ ᠬᠦᠯᠦᠰᠦᠨ ᠤ ᠬᠦᠮᠦᠨ ᠢ ᠬᠠᠮᠢᠶᠠᠷᠬᠤ᠂ ᠬᠡᠤᠬᠡᠳ ᠢᠶᠠᠨ ᠬᠠᠷᠠᠭᠠᠯᠵᠠᠬᠤ᠂ ᠡᠳᠡᠭᠡᠷ ᠨᠢ ᠪᠦᠷ ᠲᠡᠳᠡᠨ ᠤ ᠡᠳᠦᠷ  ᠲᠤᠳᠤᠮ ᠤᠨ ᠠᠵᠢᠯ ᠦᠢᠯᠡ ᠪᠤᠯᠤᠨ᠎ᠡ﹀﹀᠂ ︿︿ᠡᠷ᠎ᠡ ᠨᠦᠬᠦᠷ ᠤᠨ ᠢᠶᠠᠨ ᠪᠠ ᠭᠡᠷ ᠪᠦᠯᠢ ᠶᠢᠨ  ᠢᠶᠠᠨ ᠬᠡᠷᠡᠭᠰᠡᠬᠦ ᠠᠯᠢᠪᠠ ᠡᠳ᠋ ᠪᠤᠳᠠᠰ ᠢ  ᠡᠮᠡᠭᠳᠡᠶᠢᠴᠤᠳ ᠪᠡᠯᠡᠳᠭᠡᠳᠡᠭ﹀﹀ ᠭᠡᠵᠦ ᠬᠡᠯᠡᠵᠡᠢ᠃     ᠡᠷᠳᠡᠨ ᠤ ᠨᠡᠭᠦᠳᠡᠯᠴᠢᠨ ᠨᠡᠶᠢᠭᠡᠮ ᠤᠨ ᠲᠤᠮᠳᠠ ᠡᠮᠡᠭᠳᠡᠶᠢᠴᠤᠳ ᠨᠢ ᠮᠠᠰᠢ ᠴᠢᠬᠤᠯᠠ ᠦᠢᠯᠡᠳᠦᠯ ᠭᠠᠷᠭᠠᠵᠤ ᠪᠠᠶᠢᠭᠰᠡᠨ ᠶᠤᠮ᠃ ᠲᠡᠳᠡᠨ ᠮᠤᠩᠭᠤᠯ ᠭᠡᠷ ᠤᠨ ᠡᠵᠡᠨ ᠤ ᠬᠤᠪᠢ ᠪᠠᠷ ᠭᠡᠷ ᠲᠠᠬᠢ ᠠᠵᠢᠯ ᠦᠢᠯᠡ ᠪᠤᠯᠭᠠᠨ ᠢ ᠡᠷᠬᠢᠨᠵᠦ᠂ ᠬᠤᠶᠢᠴᠢ ᠦᠶ᠎ᠡ ᠪᠠᠨ ᠰᠤᠷᠭᠠᠨ ᠬᠦᠮᠦᠵᠢᠭᠦᠯᠬᠦ᠂ ᠮᠠᠯ ᠢᠶᠠᠨ ᠠᠷᠠᠴᠢᠯᠠᠵᠦ ᠰᠦ ᠴᠠᠭᠠᠨ ᠢᠳᠡᠭᠡ ᠪᠤᠯᠪᠠᠰᠤᠷᠠᠭᠤᠯᠬᠤ᠂ ᠮᠤᠩᠭᠤᠯ ᠭᠡᠷ ᠤᠨ ᠡᠳ᠋ᠯᠠᠯ ᠬᠢᠬᠦ ᠵᠡᠷᠭᠡ ᠶᠠᠩᠵᠦ ᠪᠦᠷᠢ ᠶᠢᠨ ᠠᠵᠢᠯ ᠬᠦᠳᠡᠯᠮᠦᠷᠢ ᠶᠢ ᠪᠦᠷ ᠬᠢᠳᠡᠭ᠃ ᠢᠢᠮᠦ ᠠᠴᠠ ᠲᠡᠳᠡ ᠨᠠᠷ ᠪᠤᠯ ᠦᠢᠯᠡᠳᠪᠦᠷᠢᠯᠡᠭᠴᠢ ᠪᠦᠭᠡᠳ ᠰᠤᠷᠭᠠᠨ ᠬᠦᠮᠦᠵᠢᠭᠦᠯᠦᠭᠴᠢ ᠶᠤᠮ᠃ ᠲᠠᠶᠢᠨ ᠲᠤᠯᠤᠯᠳᠠᠭᠠᠨ ᠤ ᠦᠶᠡᠰ ᠲᠤ ᠴᠦ ᠴᠡᠷᠢᠭ ᠤᠨ ᠠᠮᠦ ᠬᠦᠨᠡᠰᠦ ᠶᠢ ᠬᠠᠩᠭᠠᠬᠤ  ᠪᠤᠶᠤ ᠮᠠᠯ ᠢᠶᠠᠨ ᠲᠤᠳᠤᠮᠳᠡᠨ ᠠᠷᠠᠴᠢᠯᠠᠵᠦ ᠪᠠᠶᠢᠳᠠᠭ᠃ ᠲᠡᠶᠢᠮᠦ ᠠᠴᠠ ᠡᠷᠳᠡᠨ ᠤ ᠮᠤᠩᠭᠤᠯᠴᠤᠳ ᠨᠢ ᠡᠮᠡᠭᠳᠡᠶᠢᠴᠤᠳ ᠤᠨ ᠨᠡᠶᠢᠭᠡᠮ ᠤᠨ ᠪᠠᠶᠢᠷᠢ ᠰᠠᠭᠤᠷᠢ ᠪᠠ    ᠦᠢᠯᠡᠳᠦᠯ ᠢ ᠲᠦᠢᠯ ᠢᠶᠠᠷ ᠬᠦᠨᠳᠦᠯᠡᠳᠡᠭ  ᠪᠦᠭᠡᠳ ᠡᠮᠡᠭᠳᠡᠶᠢᠴᠤᠳ ᠤᠨ ᠲᠠᠭᠤᠳᠠᠯᠭ᠎ᠠ ᠳᠤ ᠴᠦ ᠴᠢᠩᠭ᠎ᠠ ᠱᠠᠭᠠᠷᠳᠠᠯᠭ᠎ᠠ ᠲᠠᠢ ᠪᠠᠶᠢᠵᠡᠢ᠃ ᠢᠩᠭᠢᠵᠦ ᠰᠤᠷᠭᠠᠨ ᠬᠦᠮᠦᠵᠢᠯ ᠢ ᠦᠢᠯᠡᠳᠪᠦᠷᠢᠯᠡᠯ ᠬᠦᠳᠡᠯᠮᠦᠷᠢ ᠶᠢᠨ ᠲᠤᠮᠳᠠ ᠪᠠᠶᠢᠷᠢᠯᠠᠭᠤᠯᠵᠦ᠂ ᠡᠮᠡᠭᠳᠡᠶᠢᠴᠤᠳ ᠨᠢ ᠲᠡᠭᠦᠨ ᠤ ᠲᠤᠮᠳᠠ ᠮᠠᠰᠢ ᠴᠢᠬᠤᠯᠠ ᠦᠢᠯᠡᠳᠦᠯ ᠢ ᠪᠠᠳᠠᠷᠠᠭᠤᠯᠵᠤ ᠪᠠᠶᠢᠯ᠎ᠠ᠃      ᠮᠤᠩᠭᠤᠯ ᠬᠦᠮᠦᠨ ᠦᠨᠡᠨᠴᠢ ᠰᠢᠳᠤᠷᠭᠤ ᠪᠠᠶᠢᠵᠦ᠂ ᠬᠤᠳᠠᠯ ᠬᠠᠭᠤᠷᠮᠠᠭ ᠪᠠᠶᠢᠳᠠᠭ ᠦᠭᠡᠢ ᠪᠠᠷ ᠢᠶᠠᠨ ᠬᠤᠷᠸ᠎ᠠ  ᠳᠤ ᠠᠯᠳᠠᠷᠰᠢᠭᠰᠡᠨ᠃ ᠡᠷᠳᠡᠨ   ᠤ  ᠮᠤᠩᠭᠤᠯᠴᠤᠳ ᠦᠨᠡᠨᠴᠢ ᠰᠢᠳᠤᠷᠭᠤ   ᠶᠢ ᠬᠦᠮᠦᠨ ᠪᠤᠯᠬᠤ ᠶᠢᠨ ᠴᠢᠬᠤᠯᠠ ᠵᠠᠷᠴᠢᠮ ᠬᠢᠭᠡᠳ ᠡᠷᠬᠢᠮ ᠵᠠᠩ ᠮᠤᠷᠠᠯ ᠪᠤᠯᠭᠠᠨ ᠦᠵᠡᠳᠡᠭ ᠪᠠᠶᠢᠪᠠ᠃ ᠠᠪᠦ ᠡᠵᠢ᠂ ᠠᠬᠠᠰ ᠵᠠᠬᠠᠰ ᠪᠤᠯᠤᠭᠰᠡᠳ ᠨᠢ ᠪᠦᠷ ᠡᠨᠡ ᠵᠠᠷᠴᠢᠮ ᠢᠶᠠᠷ ᠦᠷ᠎ᠡ ᠠᠴᠢ᠂ ᠬᠡᠤᠬᠡᠳ ᠲᠡᠭᠦᠦ ᠨᠠᠷ᠂ ᠠᠨᠳᠠ ᠨᠠᠶᠢᠵᠠ ᠵᠢᠴᠢ ᠪᠦᠬᠦᠶᠢᠯᠠ ᠨᠡᠶᠢᠭᠡᠮ ᠤᠨ ︿︿ᠬᠠᠨᠢ﹀﹀ ᠪᠠᠨ ᠦᠷᠭᠦᠯᠵᠢᠳᠡ ᠰᠤᠷᠭᠠᠨ ᠬᠦᠮᠦᠵᠢᠭᠦᠯᠦᠨ ᠦᠨᠳᠦᠷ ᠱᠠᠭᠠᠷᠳᠠᠯᠭ᠎ᠠ ᠪᠠᠷ ᠱᠠᠭᠠᠷᠳᠠᠳᠠᠭ  ᠪᠠᠶᠢᠯ᠎ᠠ᠃ ᠢᠯᠠᠩᠭᠤᠶ᠎ᠠ ᠠᠨᠳᠠ ᠨᠦᠬᠦᠳ ᠤᠨ ᠬᠤᠭᠤᠷᠤᠨᠳᠦ ᠪᠠᠨ ᠦᠨᠡᠨᠴᠢ ᠰᠢᠳᠤᠷᠭᠤ ᠮᠦᠷᠳᠡᠭᠡᠨ ᠢᠳᠡᠭᠡᠯᠳᠡᠢ ᠪᠠᠶᠢᠬᠤ ᠶᠢ ᠱᠠᠭᠠᠷᠳᠠᠵᠤ ᠬᠤᠳᠠᠯ ᠬᠡᠯᠡᠬᠦ ᠶᠢ ᠡᠷᠡᠰ ᠡᠰᠡᠷᠭᠦᠴᠡᠳᠡᠭ᠃      ᠶᠡᠷᠤᠩᠬᠢᠯᠡᠪᠡᠯ᠂ ᠮᠤᠩᠭᠤᠯ ᠦᠨᠳᠦᠰᠦᠳᠡᠨ ᠤ ᠡᠷᠳᠡᠨ ᠤ ᠰᠤᠷᠭᠠᠨ ᠬᠦᠮᠦᠵᠢᠯ ᠨᠢ ᠬᠡᠳᠦᠶᠢᠪᠡᠷ ᠬᠠᠭᠤᠴᠢᠨ ᠪᠤᠷᠤᠭᠵᠢᠭᠤᠨ ᠬᠡᠯᠪᠡᠷᠢ ᠲᠠᠢ ᠪᠠᠶᠢᠭᠰᠡᠨ ᠪᠤᠯᠪᠠᠴᠦ ᠬᠡᠯᠪᠡᠷᠢ ᠶᠢᠨ ᠲᠠᠯ᠎ᠠ ᠪᠠᠷ ᠤᠯᠡᠨ ᠶᠠᠩᠵᠦ  ᠪᠠᠶᠢᠵᠦ ᠠᠷᠭ᠎ᠠ ᠨᠢ  ᠠᠳᠠᠯᠢ ᠦᠭᠡᠢ ᠪᠠᠶᠢᠵᠡᠢ᠃ ᠭᠡᠪᠡᠴᠦ ᠰᠤᠷᠭᠠᠨ ᠬᠦᠮᠦᠵᠢᠯ ᠤᠨ ᠠᠭᠤᠯᠭ᠎ᠠ ᠨᠢ ᠦᠨᠡᠨ ᠪᠤᠳᠠᠳᠠᠢ ᠮᠦᠷᠳᠡᠭᠡᠨ ᠢᠯᠭᠤᠮ ᠶᠡᠪᠤᠭᠤᠰᠢᠳᠡᠢ ᠪᠠᠶᠢᠭᠰᠡᠨ ᠠᠴᠠ ᠲᠤᠬᠠᠢ ᠶᠢᠨ ᠦᠶ᠎ᠡ ᠵᠢᠴᠢ ᠤᠳᠤ ᠴᠦ ᠭᠡᠰᠡᠨ ᠲᠡᠭᠦᠨ ᠳᠤ ᠭᠠᠷᠭᠠᠭᠰᠡᠨ ᠨᠦᠯᠦᠭᠡ ᠦᠢᠯᠡᠳᠦᠯ ᠨᠢ ᠯᠤᠳᠦ ᠶᠡᠭᠡ ᠪᠠᠶᠢᠭ᠎ᠠ ᠶᠤᠮ᠃ ᠤᠳᠤᠬᠢ ᠰᠤᠷᠭᠠᠨ ᠬᠦᠮᠦᠵᠢᠭᠦᠯᠬᠦ ᠠᠷᠭ᠎ᠠ ᠮᠠᠶ᠋ᠢᠭ ᠨᠢ ᠭᠡᠷ ᠪᠦᠯᠢ  ᠶᠢᠨ ᠪᠠ ᠨᠡᠶᠢᠭᠡᠮ ᠤᠨ ᠲᠠᠯ᠎ᠠ ᠶᠢᠨ ᠤᠯᠡᠮᠵᠢᠯᠡᠯᠳᠦ ᠰᠤᠷᠭᠠᠨ ᠬᠦᠮᠦᠵᠢᠯ ᠠᠴᠠ ᠭᠠᠳᠠᠨ᠎ᠠ ᠪᠠᠰᠠ ᠰᠤᠷᠭᠠᠭᠤᠯᠢ ᠶᠢᠨ ᠰᠤᠷᠭᠠᠨ ᠬᠦᠮᠦᠵᠢᠯ ᠪᠤᠶᠤ ᠨᠢᠯᠬ᠎ᠠ ᠬᠡᠤᠬᠡᠳ ᠤᠨ ᠰᠤᠷᠭᠠᠨ ᠬᠦᠮᠦᠵᠢᠯ ᠭᠡᠬᠦ ᠵᠡᠷᠭᠡ ᠠᠭᠤᠯᠭ᠎ᠠ ᠨᠡᠮᠡᠭᠳᠡᠵᠦ᠂ ᠮᠤᠩᠭᠤᠯ ᠦᠨᠳᠦᠰᠦᠳᠡᠨ   ᠤ ᠦᠪᠡᠷᠮᠢᠴᠡ ᠰᠤᠷᠭᠠᠨ ᠬᠦᠮᠦᠵᠢᠭᠦᠯᠬᠦ ᠠᠷᠭ᠎ᠠ ᠪᠠᠷᠢᠯ ᠳᠤ ᠰᠢᠨ᠎ᠡ ᠠᠭᠤᠯᠭ᠎ᠠ ᠨᠡᠮᠡᠭᠳᠡᠭᠦᠯᠦᠭᠰᠡᠨ ᠪᠠᠶᠢᠨ᠎ᠠ᠃
 
ᠢᠷᠡᠯᠲᠡ᠄ ᠴᠠᠬᠠᠷ ᠪᠠᠷᠠᠭᠤᠨ ᠭᠠᠷᠤᠨ ᠳᠣᠮᠳᠠᠳᠣ ᠬᠣᠰᠢᠭᠤᠨ ᠤ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号