ᠮᠤᠩᠭᠤᠯ ᠤᠨ ᠡᠷᠳᠡᠨ ᠤ ᠪᠦᠬᠡ ᠶᠢᠨ ᠱᠠᠰᠢᠨ ᠤ ᠰᠠᠯᠪᠤᠷᠢ ᠰᠠᠯᠠᠭ᠎ᠠ ᠶᠢᠨ ᠨᠢᠭᠡ᠃ ᠴᠠᠭᠠᠨ ᠡᠯᠢᠶ᠎ᠡ ᠭᠡᠳᠡᠭ ᠨᠢ | ᠴᠠᠭᠠᠨ ᠱᠤᠩᠬᠤᠷ ᠪᠠᠶᠢᠵᠤ᠂ ᠭᠤᠤᠯᠳᠠᠭᠤ ᠬᠤᠷᠴᠢᠨ ᠨᠤᠳᠤᠭ ᠢᠶᠠᠷ ᠲᠡᠯᠭᠡᠷᠡᠵᠤ ᠪᠠᠶᠢᠵᠡᠢ᠃ ᠪᠠᠭᠰᠢ ᠱᠠᠪᠢ ᠶᠢᠨ | ᠬᠠᠷᠢᠴᠠᠭ᠎ᠠ ᠪᠠᠷ ᠲᠠᠮᠵᠢᠨ ᠤᠯᠠᠮᠵᠢᠯᠠᠵᠤ᠂ ᠬᠦᠢᠰᠦ ᠶᠢᠨ ᠢᠯᠭᠠᠯ ᠤᠨ ᠴᠢᠩᠭ᠎ᠠ ᠬᠤᠷᠢᠭ᠎ᠠ ᠲᠠᠢ᠃ ᠴᠠᠭᠠᠨ ᠡᠯᠢᠶ᠎ᠡ ᠶᠢᠨ | ᠤᠩᠭᠤᠤᠡ ᠨᠢ ᠡᠮᠡᠭᠳᠡᠢ ᠬᠦᠮᠦᠨ ᠳᠤ ᠯᠡ ᠤᠷᠤᠰᠢᠳᠠᠭ᠃ ᠰᠢᠳᠦᠭᠡᠨ ᠢᠶᠠᠨ ᠵᠠᠯᠠᠬᠤ ᠳᠠᠭᠠᠨ ᠰᠢᠷᠡᠭᠡ ᠶᠢ ᠬᠡᠳᠦ ᠬᠡᠳᠦ ᠪᠠᠷ | ᠨᠢ ᠲᠠᠪᠬᠤᠷᠯᠡᠨ ᠲᠠᠯᠪᠢᠵᠦ ᠦᠨᠳᠦᠷ ᠠᠭᠤᠯᠠ ᠪᠢᠳᠡᠭᠦᠦ ᠤᠢ ᠶᠢ ᠲᠦᠯᠦᠭᠡᠯᠡᠭᠦᠯᠦᠨ᠂ ᠲᠡᠭᠡᠷ᠎ᠡ ᠨᠢ ᠲᠠᠬᠢᠯ ᠲᠠᠪᠠᠭ ᠢᠶᠠᠨ | ᠦᠷᠦᠵᠦ ᠲᠠᠯᠪᠢᠭᠠᠳ᠂ ᠭᠠᠤᠯᠢᠨ ᠲᠤᠯᠢ᠂ ᠬᠤᠩᠬᠤ ᠲᠠᠮᠠᠷᠦ᠂ ᠬᠡᠩᠭᠡᠷᠭᠡ ᠲᠠᠰᠢᠭᠤᠷ ᠭᠡᠵᠦ ᠬᠡᠷᠡᠭᠯᠡᠳᠡᠭ ᠦᠭᠡᠢ᠂ ᠢᠳᠦᠭᠠᠨ | ᠵᠦᠪᠬᠡᠨ ᠴᠠᠭᠠᠨ ᠴᠠᠮᠴᠠ ᠡᠮᠦᠰᠦᠨ᠂ ᠦᠰᠦ ᠪᠠᠨ ᠲᠠᠯᠪᠢᠵᠦ᠂ ᠬᠤᠶᠠᠷ ᠭᠠᠷ ᠲᠠᠭᠠᠨ ᠤᠯᠠᠭᠠᠨ ᠠᠯᠴᠢᠭᠤᠷ ᠪᠤᠶᠤ ᠴᠠᠭᠠᠨ | ᠠᠯᠴᠢᠭᠤᠷ ᠪᠠᠷᠢᠵᠤ᠂ ᠬᠦᠭᠵᠢᠮ ᠤᠨ ᠠᠶᠢᠵᠢᠮ ᠢᠶᠠᠷ ᠠᠯᠴᠢᠭᠤᠷ ᠢᠶᠠᠨ ᠰᠡᠵᠢᠯᠡᠨ ᠰᠢᠷᠡᠭᠡ ᠲᠤᠭᠤᠷᠢᠨ ᠲᠠᠭᠤᠯᠡᠨ | ᠪᠦᠵᠢᠭᠯᠡᠳᠡᠭ᠃ ᠰᠢᠳᠦᠭᠡᠨ ᠵᠠᠯᠠᠬᠤ ᠦᠭᠡᠨ ᠳᠤ ︿︿ᠲᠠᠪᠢᠶᠠ᠂ ᠲᠡᠪᠳᠡᠷᠢᠶᠡ︕ ᠴᠠᠰᠦᠳᠦ ᠠᠭᠤᠯᠡᠨ ᠵᠦᠭ | ᠲᠠᠭᠠᠳᠬᠠᠵᠤ ᠪᠠᠶᠢᠨ᠎ᠠ᠃ ᠲᠠᠪᠢᠶᠠ ᠲᠡᠪᠳᠡᠷᠢᠶᠠ︕ ᠴᠠᠭᠠᠨ ᠡᠯᠢᠶ᠎ᠡ ᠨᠢᠰᠦᠭᠡᠳ ᠢᠷᠡᠭᠡᠷᠡᠢ︕﹀﹀ ᠭᠡᠳᠡᠭ᠃ ᠪᠦᠵᠢᠭ ᠨᠢ | ᠴᠠᠭᠠᠨ ᠱᠤᠩᠬᠤᠷ ᠤᠨ ᠲᠡᠭᠦᠯᠢᠨ ᠨᠢᠰᠬᠦ ᠬᠦᠳᠡᠯᠭᠡᠭᠡᠨ ᠳᠤ ᠲᠦᠰᠳᠡᠢ᠂ ᠢᠳᠡᠷᠡᠭᠦᠨ ᠬᠦᠴᠦᠳᠡᠢ᠂ ᠡᠪ ᠬᠠᠪᠤ ᠲᠠᠢ ᠪᠠᠶᠢᠳᠠᠭ᠃ | ᠡᠨᠡ ᠰᠢᠳᠦᠭᠡᠨ ᠨᠢ ᠡᠮᠡᠭᠳᠡᠢ ᠳᠤ ᠯᠡ ᠤᠷᠤᠰᠢᠳᠠᠭ ᠠᠴᠠ ᠦᠵᠡᠪᠡᠯ᠂ ᠡᠨᠡ ᠨᠢ ᠡᠭᠡᠴᠢᠯᠡᠯ ᠤᠨ ᠨᠡᠶᠢᠭᠡᠮ ᠤᠨ ᠪᠠᠶᠢᠭᠤᠯᠤᠯ | ᠤᠨ ᠪᠦᠳᠦᠭᠡᠭᠳᠡᠭᠦᠨ ᠪᠠᠶᠢᠵᠦ᠂ ᠪᠠᠯᠠᠷ ᠡᠷᠳᠡᠨ ᠤ ᠪᠦᠬᠡ ᠶᠢᠨ ᠦᠩᠭᠡ ᠪᠡᠶᠢᠳᠡᠯ ᠢᠶᠠᠨ ᠬᠠᠳᠠᠭᠠᠯᠠᠵᠤ ᠪᠠᠶᠢᠳᠠᠭ᠂ ᠤᠳᠤ | ᠤᠭ ᠨᠢ ᠲᠠᠰᠦᠷᠠᠵᠡᠢ᠃ |