ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠡᠷᠡᠭᠦᠯ ᠮᠡᠨᠲᠣ ᠶᠢᠨ ᠶᠡᠭᠡ ᠰᠣᠷᠭᠠᠭᠤᠯᠢ ᠪᠠᠶᠢᠭᠤᠯᠤᠭᠳᠠᠯ᠎ᠠ
ᠨᠡᠶᠢᠲᠡᠯᠡᠭᠰᠡᠨ ᠴᠠᠭ᠄
2018-11-09
       ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠡᠷᠡᠭᠦᠯ ᠮᠡᠨᠲᠣ ᠶᠢᠨ ᠶᠡᠭᠡ ᠰᠣᠷᠭᠠᠭᠤᠯᠢ ᠪᠤᠯᠤᠨ ᠪᠡᠭᠡᠵᠢᠩ ᠡᠮᠨᠡᠯᠭᠡ ᠶᠢᠨ ᠦᠳᠡᠭᠦᠰ ᠤᠨ ᠡᠷᠡᠭᠦᠯ ᠮᠡᠨᠲᠣ ᠶᠢᠨ ᠶᠡᠭᠡ ᠰᠣᠷᠭᠠᠭᠤᠯᠢ ᠶᠢᠨ ᠦᠪᠦᠷ ᠮᠣᠩᠭᠤᠯ ᠳᠠᠬᠢ ᠰᠠᠯᠪᠤᠷᠢ10 ᠰᠠᠷ᠎ᠠ ᠶᠢᠨ18 ᠤ ᠡᠳᠦᠷ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠡᠮᠨᠡᠯᠭᠡ ᠳᠤ ᠵᠡᠷᠭᠡᠪᠡᠷ ᠫᠠᠶᠢᠰᠠ ᠰᠡᠬᠦᠨ ᠪᠠᠶᠢᠭᠤᠯᠤᠭᠳᠠᠯ᠎ᠠ᠃ ᠲᠣᠰ ᠬᠤᠶᠠᠷ ᠰᠣᠷᠭᠠᠭᠤᠯᠢ ᠨᠢ ᠡᠯ᠎ᠡ ᠠᠶᠢᠮᠠᠭ ᠬᠤᠲᠠ ᠶᠢᠨ ᠠᠯᠪᠠᠨ ᠤ ᠡᠮᠨᠡᠯᠭᠡ ᠲᠠᠢ ᠬᠠᠮᠲᠤᠷᠠᠨ ᠣᠯᠠᠨ ᠲᠦᠮᠡᠨ ᠬᠢᠭᠡᠳ ᠡᠷᠡᠭᠦᠯ ᠮᠡᠨᠲᠣ ᠶᠢᠨ ᠦᠢᠯᠡᠴᠢᠯᠡᠭᠡᠨ ᠤ ᠠᠵᠢᠯᠳᠠᠳ ᠲᠤ ᠲᠦᠯᠦᠪᠦᠷᠢ ᠦᠭᠡᠢ ᠬᠢᠴᠢᠶᠡᠯᠯᠡᠭᠡ ᠪᠤᠯᠤᠨ ᠰᠣᠷᠭᠠᠯᠲᠠ ᠬᠦᠷᠲᠡᠭᠡᠬᠦ ᠪᠤᠯᠤᠨ᠎ᠠ᠃       ᠣᠶᠢᠯᠠᠭᠠᠭᠰᠠᠨ ᠢᠶᠠᠷ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠡᠷᠡᠭᠦᠯ ᠮᠡᠨᠲᠣ ᠶᠢᠨ ᠶᠡᠭᠡ ᠰᠣᠷᠭᠠᠭᠤᠯᠢ ᠨᠢ ᠦᠪᠡᠷᠳᠡᠭᠡᠨ ᠬᠢᠴᠢᠶᠡᠯ ᠰᠣᠩᠭᠤᠬᠤ ᠪᠤᠯᠤᠨ ᠢᠨᠲ᠋ᠧᠷᠨᠧᠲ ᠪᠤᠶᠤ ᠪᠤᠳᠠᠳᠠᠢ ᠳᠤ ᠬᠢᠴᠢᠶᠡᠯᠯᠡᠬᠦ ᠶᠢ ᠣᠶᠠᠯᠳᠣᠭᠤᠯᠵᠣ᠂ ᠦᠪᠦᠷ ᠮᠣᠩᠭᠤᠯ ᠤᠨ ᠡᠯ᠎ᠡ ᠳᠡᠰ ᠤᠨ ᠡᠷᠡᠭᠦᠯ ᠮᠡᠨᠲᠣ ᠶᠢᠨ ᠦᠢᠯᠡᠴᠢᠯᠡᠭᠡᠨ ᠤ ᠠᠵᠢᠯᠳᠠᠳ ᠲᠤ ᠳᠦᠷᠢᠮᠵᠢᠭᠰᠡᠨ ᠰᠣᠷᠭᠠᠯᠲᠠ ᠬᠦᠷᠲᠡᠭᠡᠨ᠂ ᠡᠷᠡᠭᠦᠯ ᠮᠡᠨᠲᠣ ᠶᠢᠨ ᠪᠤᠯᠪᠠᠰᠣᠷᠠᠯ ᠤᠨ ᠴᠢᠳᠠᠮᠵᠢ ᠪᠤᠯᠤᠨ ᠡᠷᠡᠭᠦᠯ ᠮᠡᠨᠲᠣ ᠶᠢᠨ ᠬᠠᠮᠢᠶᠠᠷᠣᠯᠳᠠ ᠶᠢᠨ ᠠᠵᠢᠯ ᠤᠨ ᠲᠦᠪᠰᠢᠨ ᠢ ᠳᠡᠭᠡᠭᠰᠢᠯᠡᠭᠦᠯᠦᠨ᠎ᠡ᠃ ᠬᠤᠶᠢᠰᠢᠳᠠ ᠲᠣᠰ ᠰᠣᠷᠭᠠᠭᠤᠯᠢ  ᠨᠢ ᠦᠪᠦᠷ ᠮᠣᠩᠭᠤᠯ ᠤᠨ ᠣᠨᠴᠠᠯᠢᠭ ᠲᠤ ᠲᠣᠬᠢᠷᠠᠭᠰᠠᠨ ᠡᠷᠡᠭᠦᠯ ᠮᠡᠨᠲᠣ ᠶᠢᠨ ᠬᠠᠮᠢᠶᠠᠷᠣᠯᠳᠠ ᠶᠢᠨ ᠲᠦᠰᠦᠯ ᠢ ᠡᠷᠢᠯᠬᠢᠯᠡᠵᠦ᠂ ᠠᠷᠭ᠎ᠠ ᠮᠡᠷᠭᠡᠵᠢᠯ ᠤᠨ ᠰᠣᠷᠭᠠᠯᠲᠠ ᠶᠢ ᠦᠷᠨᠢᠭᠦᠯᠦᠨ᠂ ᠡᠷᠡᠭᠦᠯ ᠮᠡᠨᠲᠣ ᠶᠢᠨ ᠪᠤᠯᠪᠠᠰᠣᠷᠠᠯ ᠳᠠᠬᠢ ᠮᠡᠳᠡᠯᠭᠡ ᠶᠢᠨ ᠪᠦᠲᠦᠴᠡ ᠶᠢᠨ ᠲᠣᠲᠠᠭᠳᠠᠯ ᠢ ᠨᠦᠬᠦᠪᠦᠷᠢᠯᠡᠨ᠂ ᠡᠷᠡᠭᠦᠯ ᠮᠡᠨᠲᠣ ᠶᠢᠨ ᠪᠤᠯᠪᠠᠰᠣᠷᠠᠯ ᠤᠨ ᠠᠭᠤᠯᠭ᠎ᠠ ᠬᠡᠲᠦᠷᠭᠡᠢ ᠮᠡᠷᠭᠡᠵᠢᠯ ᠤᠨ ᠪᠤᠶᠤ ᠡᠷᠳᠡᠮ ᠰᠢᠨᠵᠢᠯᠡᠭᠡᠨ ᠤ ᠪᠣᠯᠬᠤ ᠠᠴᠠ ᠵᠠᠶᠢᠯᠠᠰᠬᠢᠨ᠎ᠡ᠃ ᠡᠬᠦᠨ ᠲᠠᠢ ᠵᠡᠷᠭᠡᠪᠡᠷ ᠮᠦᠨ ᠨᠢᠭᠡ ᠢᠵᠢ ᠰᠢᠯᠢᠳᠡᠭ ᠬᠢᠴᠢᠶᠡᠯᠯᠡᠬᠦ ᠪᠢᠴᠢᠭ ᠨᠠᠶᠢᠷᠠᠭᠤᠯᠤᠨ ᠭᠠᠷᠭᠠᠵᠤ᠂ ᠠᠷᠠᠳ ᠲᠦᠮᠡᠨ ᠤ ᠡᠷᠡᠭᠦᠯ ᠮᠡᠨᠲᠣ ᠶᠢᠨ ᠴᠢᠨᠡᠷ ᠴᠢᠨᠰᠠᠭ᠎ᠠ ᠬᠢᠭᠡᠳ ᠠᠮᠢ ᠨᠠᠰᠣᠨ ᠤ ᠴᠢᠨᠡᠷ ᠴᠢᠨᠰᠠᠭ᠎ᠠ ᠶᠢ ᠳᠡᠭᠡᠭᠰᠢᠯᠡᠬᠦᠯᠦᠨ᠎ᠡ᠃      ᠪᠡᠭᠡᠵᠢᠩ ᠡᠮᠨᠡᠯᠭᠡ ᠶᠢᠨ ᠦᠳᠡᠬᠦᠰ ᠤᠨ ᠡᠷᠡᠭᠦᠯ ᠮᠡᠨᠲᠣ ᠶᠢᠨ ᠶᠡᠭᠡ ᠰᠣᠷᠭᠠᠭᠤᠯᠢ ᠶᠢᠨ ᠦᠪᠦᠷ ᠮᠣᠩᠭᠤᠯ ᠳᠠᠬᠢ ᠰᠠᠯᠪᠤᠷᠢ ᠨᠢ ᠪᠡᠭᠡᠵᠢᠩ ᠡᠮᠨᠡᠯᠭᠡ ᠶᠢᠨ ᠦᠳᠡᠭᠦᠰ ᠤᠨ ᠡᠷᠡᠭᠦᠯ ᠮᠡᠨᠲᠣ ᠶᠢᠨ ᠶᠡᠭᠡ ᠰᠣᠷᠭᠠᠭᠤᠯᠢ ᠳᠠᠭᠠᠨ ᠲᠦᠰᠢᠭᠯᠡᠵᠦ᠂ ᠡᠷᠡᠭᠦᠯ ᠮᠡᠨᠲᠣ ᠪᠤᠯᠤᠨ ᠡᠪᠡᠳᠴᠢᠨ ᠤ ᠰᠢᠨᠵᠢᠯᠡᠬᠦ ᠤᠬᠠᠭᠠᠨ ᠢ ᠲᠦᠭᠡᠮᠵᠢᠯᠡᠬᠦᠯᠬᠦ ᠪᠤᠯᠪᠠᠰᠣᠷᠠᠯ ᠢᠶᠠᠷ ᠳᠠᠮᠵᠢᠨ ᠦᠳᠡᠭᠦᠰ ᠤᠨ ᠦᠨᠳᠦᠰᠦᠨ ᠡᠷᠡᠭᠦᠯ ᠮᠡᠨᠲᠣ ᠶᠢᠨ ᠤᠬᠠᠭᠳᠠᠬᠤᠨ᠂ ᠡᠪᠡᠳᠴᠢᠨ ᠰᠣᠪᠢᠯᠠᠬᠤ᠂ ᠡᠮ ᠬᠡᠷᠡᠭᠯᠡᠬᠦ ᠮᠡᠳᠡᠯᠭᠡ ᠪᠤᠯᠤᠨ ᠪᠠᠴᠢᠮ ᠠᠪᠤᠷᠠᠯᠳᠠ ᠶᠢᠨ ᠴᠢᠳᠠᠪᠦᠷᠢ ᠶᠢ ᠡᠵᠡᠮᠰᠢᠬᠦ ᠳᠤᠨᠢ ᠲᠣᠰᠠᠯᠠᠵᠤ᠂ ᠦᠳᠡᠭᠦᠰ ᠤᠨ ᠶᠡᠷᠤᠩᠭᠡᠶᠢᠯᠡᠭᠰᠡᠨ ᠡᠷᠡᠭᠦᠯ ᠮᠡᠨᠲᠣ ᠶᠢᠨ ᠴᠢᠨᠠᠷ ᠴᠢᠨᠰᠠᠭ᠎ᠠ ᠶᠢ ᠳᠡᠭᠡᠭᠰᠢᠯᠡᠬᠦᠯᠦᠨ᠎ᠡ᠃ ᠡᠬᠦᠨ ᠤ ᠵᠡᠷᠭᠡᠪᠡᠷ ᠮᠦᠨ ᠦᠳᠡᠭᠦᠰ ᠲᠤ ᠡᠪᠡᠳᠴᠢᠨ ᠢ ᠡᠮᠨᠡᠬᠦᠯᠬᠦ ᠪᠤᠯᠤᠨ ᠰᠡᠷᠭᠡᠶᠢᠯᠡᠬᠦ᠂ ᠡᠷᠡᠭᠦᠯ ᠮᠡᠨᠲᠣ ᠶᠢᠨ ᠬᠠᠮᠢᠶᠠᠷᠣᠯᠳᠠ ᠵᠡᠷᠭᠡ ᠬᠤᠯᠪᠤᠭᠳᠠᠬᠤ ᠦᠢᠯᠡᠴᠢᠭᠡ ᠬᠠᠩᠭᠠᠨ᠎ᠠ᠃               ᠰᠢᠨᠬᠤᠸᠠ ᠨᠧᠲ ᠠᠴᠠ ᠬᠠᠭᠤᠯᠤᠨ ᠪᠠᠭᠤᠯᠭᠠᠪᠠ
 
ᠢᠷᠡᠯᠲᠡ᠄ ᠰᠢᠨᠬᠤᠸᠠ ᠨᠧᠲ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号