| 1. ᠬᠠᠷᠠᠭ᠎ᠠ ᠪᠠᠨ ᠲᠡᠯᠡᠬᠦ ᠲᠤᠬᠠᠢ | ᠰᠦᠯᠵᠢᠶᠡᠨ ᠳᠡᠭᠡᠷ᠎ᠡ ᠵᠠᠷᠢᠮ ᠬᠥᠮᠥᠨ ︽ᠶᠠᠭᠠᠬᠢᠪᠠᠯ ᠰᠠᠶ᠋ᠢ ᠬᠠᠮᠤᠭ ᠤᠨ ᠠᠮᠠᠷᠬᠠᠨ ᠢᠶᠠᠷ ᠶᠢᠷᠲᠢᠨᠴᠦ ᠲᠠᠢ | ᠲᠠᠨᠢᠯᠴᠠᠵᠤ ᠴᠢᠳᠠᠬᠤ ᠪᠤᠢ︖︾ ᠭᠡᠵᠦ ᠠᠰᠠᠭᠤᠬᠤ ᠳᠤ᠂ ︽ᠶᠢᠷᠲᠢᠨᠴᠦ ᠲᠠᠢ ᠲᠠᠨᠢᠯᠴᠠᠬᠤ ᠭᠡᠳᠡᠭ ᠨᠢ ᠳᠡᠯᠡᠬᠡᠶ | ᠶᠢᠷᠲᠢᠨᠴᠦ ᠳᠤ ᠨᠢᠭᠡ ᠯᠡ ᠲᠠᠯ᠎ᠠ ᠪᠠᠶᠢᠬᠤ ᠪᠢᠰᠢ᠂ ᠬᠠᠷᠢᠨ ᠨᠣᠮ ᠪᠢᠴᠢᠭ ᠤᠩᠰᠢᠬᠤ ᠪᠠᠷ ᠳᠠᠮᠵᠢᠨ ᠳᠡᠯᠡᠬᠡᠶ | ᠶᠢᠷᠲᠢᠨᠴᠦ ᠶᠢᠨ ᠠᠳᠠᠯᠢ ᠪᠤᠰᠤ ᠲᠠᠯ᠎ᠠ ᠶᠢ ᠬᠠᠮᠤᠭ ᠠᠴᠠ ᠠᠮᠠᠷᠬᠠᠨ ᠣᠯᠵᠤ ᠬᠠᠷᠠᠳᠠᠭ ᠭᠡᠰᠡᠨ ᠢ ᠬᠡᠯᠡᠵᠦ ᠪᠠᠶᠢᠨ᠎ᠠ︾ | ᠭᠡᠰᠡᠨ ᠬᠠᠷᠢᠭᠤᠯᠲᠠ ᠨᠢ ᠬᠦᠮᠦᠰ ᠤᠨ ᠰᠠᠶᠢᠰᠢᠶᠠᠯ ᠢ ᠣᠯᠣᠭᠰᠠᠨ ᠪᠠᠶᠢᠨ᠎ᠠ᠃ ᠨᠢᠭᠡᠨ ᠰᠠᠶᠢᠨ ᠨᠣᠮ ᠪᠢᠳᠡᠨ ᠢ | ᠳᠠᠭᠠᠭᠤᠯᠤᠨ ᠦᠯᠦ ᠮᠡᠳᠡᠬᠦ ᠶᠢᠷᠲᠢᠨᠴᠦ ᠶᠢ ᠴᠢᠭᠯᠡᠨ᠎ᠡ᠃ ᠣᠯᠠᠨ ᠨᠣᠮ ᠤᠩᠰᠢᠪᠠᠯ᠂ ᠡᠨᠡ ᠶᠢᠷᠲᠢᠨᠴᠦ ᠳᠤ ᠵᠥᠪᠬᠡᠨ | ᠨᠢᠭᠡ ᠯᠡ ᠵᠦᠢᠯ ᠤᠨ ᠰᠣᠶᠣᠯ ᠪᠠᠶᠢᠬᠤ ᠪᠢᠰᠢ ᠭᠡᠳᠡᠭ ᠢ ᠮᠡᠳᠡᠵᠤ᠂ ᠠᠳᠠᠯᠢ ᠪᠤᠰᠤ ᠦᠵᠡᠯᠲᠡ ᠶᠢ ᠪᠠᠭᠲᠠᠭᠠᠵᠤ | ᠳᠡᠶᠢᠯᠬᠦ ᠪᠣᠯᠣᠨ᠎ᠠ᠂ ᠬᠥᠮᠦᠨ ᠤ ᠠᠮᠢᠳᠤᠷᠠᠯ ᠳᠤ ᠵᠥᠪᠬᠡᠨ ᠨᠢᠭᠡ ᠯᠡ ᠵᠦᠢᠯ ᠤᠨ ᠠᠮᠢᠳᠤᠷᠠᠬᠤ ᠠᠷᠭ᠎ᠠ ᠪᠠᠶᠢᠬᠤ ᠪᠢᠰᠢ | ᠭᠡᠳᠡᠭ ᠢ ᠮᠡᠳᠡᠵᠤ᠂ ᠪᠤᠰᠤᠳ ᠤᠨ ᠠᠮᠢᠳᠤᠷᠠᠯ ᠳᠤ ᠢᠯᠡᠭᠦᠦ ᠨᠢᠭᠡ ᠬᠤᠪᠢ ᠣᠶᠢᠯᠠᠭᠠᠯᠲᠠ ᠲᠠᠢ ᠪᠣᠯᠳᠠᠭ᠃ | 2. ᠲᠥᠭᠡᠷᠢᠭᠳᠡᠯ ᠢ ᠲᠠᠶᠢᠯᠬᠤ ᠲᠤᠬᠠᠶ | ᠪᠢᠳᠡᠨ ᠤ ᠤᠩᠰᠢᠵᠤ ᠥᠩᠭᠡᠷᠡᠭᠰᠡᠨ ᠨᠣᠮ ᠪᠢᠴᠢᠭ ᠨᠢᠭᠡᠪᠦᠷᠢ ᠴᠥᠮ ᠪᠢᠳᠡᠨ ᠤ ᠦᠵᠡᠯ ᠰᠠᠨᠠᠭᠠᠨ ᠳᠤ | ᠬᠦᠴᠦᠨ ᠬᠤᠷᠠᠮᠳᠤᠭᠤᠯᠵᠤ ᠪᠠᠶᠢᠨ᠎ᠠ᠃ ᠨᠣᠮ ᠤᠩᠰᠢᠬᠤ ᠪᠠᠷ ᠳᠠᠮᠵᠢᠨ ᠪᠢᠳᠡ ᠬᠥᠮᠦᠨ ᠲᠠᠢ ᠶᠠᠪᠤᠯᠴᠠᠬᠤ ᠤᠶᠤᠨ | ᠤᠬᠠᠭᠠᠨ ᠢ ᠣᠯᠵᠤ᠂ ᠠᠮᠢᠳᠤᠷᠠᠯ ᠢᠶᠠᠨ ᠤᠯᠠᠮ ᠰᠠᠶᠢᠨ ᠪᠣᠯᠭᠠᠵᠤ ᠴᠢᠳᠠᠨ᠎ᠠ᠃ ᠠᠮᠢᠳᠤᠷᠠᠯ ᠤᠨ ᠣᠶᠢᠯᠠᠭᠠᠭᠳᠠᠰᠢ | ᠦᠭᠡᠢ ᠵᠦᠢᠯ ᠪᠠ ᠰᠡᠵᠢᠭ ᠡᠷᠡᠭᠡᠯᠵᠡᠯ ᠢ ᠪᠦᠷ ᠨᠣᠮ ᠳᠣᠲᠣᠷ᠎ᠠ ᠠᠴᠠ ᠬᠠᠷᠢᠭᠤᠯᠲᠠ ᠣᠯᠳᠠᠭ᠃ | 3. ᠥᠪᠡᠷ ᠢ ᠪᠠᠨ ᠢᠯᠡᠳᠬᠡᠬᠦ ᠲᠤᠬᠠᠶ | ᠨᠣᠮ ᠪᠢᠴᠢᠭ ᠤᠩᠰᠢᠬᠤ ᠪᠠ ᠨᠣᠮ ᠪᠢᠴᠢᠭ ᠤᠩᠰᠢᠬᠤ ᠦᠭᠡᠢ ᠬᠥᠮᠦᠰ ᠤᠨ ᠶᠢᠷᠲᠢᠨᠴᠦ ᠶᠢᠨ ᠲᠤᠬᠠᠶ | ᠲᠦᠷᠦᠭᠳᠡᠯ ᠨᠢ ᠠᠳᠠᠯᠢ ᠦᠭᠡᠢ ᠪᠠᠶᠢᠳᠠᠭ᠃ ᠬᠡᠳᠦᠶ ᠣᠯᠠᠨ ᠨᠣᠮ ᠤᠩᠰᠢᠪᠠᠯ᠂ ᠥᠪᠡᠷ ᠤᠨ ᠰᠡᠷᠡᠵᠦ ᠮᠡᠳᠡᠬᠦ ᠪᠠ | ᠢᠯᠡᠳᠬᠡᠬᠦ ᠴᠢᠳᠠᠪᠤᠷᠢ ᠪᠠᠨ ᠲᠡᠳᠦᠶ ᠳᠡᠭᠡᠭᠰᠢᠯᠡᠭᠦᠯᠵᠦ ᠲᠠᠶᠢᠯᠤᠨ᠎ᠠ᠃ | 4. ᠬᠥᠮᠦᠨ ᠤ ᠠᠮᠢᠳᠤᠷᠠᠯ ᠤᠨ ᠲᠤᠬᠠᠶ | ᠶᠡᠷᠦ ᠶᠢᠨ ᠦᠭᠡᠨ ᠳᠤ ᠲᠡᠦᠬᠡ ᠤᠩᠰᠢᠬᠤ ᠨᠢ ᠬᠥᠮᠦᠨ ᠢ ᠮᠡᠷᠭᠡᠨ ᠪᠣᠯᠭᠠᠵᠤ᠂ ᠰᠢᠯᠦᠭ ᠤᠩᠰᠢᠬᠤ ᠨᠢ | ᠬᠥᠮᠦᠨ ᠢ ᠤᠷᠠᠨ ᠭᠤᠶᠣᠮᠰᠤᠭ ᠪᠣᠯᠭᠠᠳᠠᠭ ᠭᠡᠳᠡᠭ᠃ ᠨᠣᠮ ᠤᠩᠰᠢᠬᠤ ᠶᠢᠨ ᠰᠠᠶᠢᠨ ᠲᠠᠢ ᠲᠠᠯ᠎ᠠ ᠭᠡᠪᠡᠯ᠂ | ᠥᠪᠡᠷ ᠤᠨ ᠪᠡᠶ᠎ᠡ ᠪᠠ ᠶᠢᠷᠲᠢᠨᠴᠦ ᠶᠢᠨ ᠴᠣᠩᠬᠤ ᠶᠢ ᠨᠡᠭᠡᠭᠡᠵᠦ ᠴᠢᠳᠠᠬᠤ ᠳᠤ ᠣᠷᠣᠰᠢᠨ᠎ᠠ᠃ ᠨᠣᠮ ᠤᠩᠰᠢᠵᠤ | ᠭᠦᠨᠵᠡᠭᠡᠶᠢᠷᠡᠬᠦ ᠶᠢ ᠳᠠᠭᠠᠯᠳᠤᠨ᠂ ᠨᠡᠶᠢᠭᠡᠮ ᠪᠠ ᠬᠥᠮᠦᠨ ᠤ ᠠᠮᠢᠳᠤᠷᠠᠯ ᠤᠨ ᠲᠤᠬᠠᠶ ᠲᠠᠨᠢᠯᠲᠠ ᠤᠯᠠᠮ ᠭᠦᠨᠵᠡᠭᠡᠶ | ᠪᠣᠯᠵᠤ᠂ ᠳᠣᠲᠣᠭᠠᠳᠤ ᠰᠡᠳᠬᠢᠯ ᠴᠦ ᠤᠯᠠᠮ ᠪᠠᠲᠤ ᠢᠲᠡᠭᠡᠯ ᠲᠠᠢ ᠪᠣᠯᠬᠤ ᠶᠤᠮ᠃ ᠣᠯᠠᠨ ᠨᠣᠮ ᠤᠩᠰᠢᠭᠠᠷᠠᠢ︕ | ᠭᠦᠢᠴᠡᠳ ᠠᠷᠪᠢᠨ ᠨᠣᠮ ᠤᠩᠰᠢᠭᠰᠠᠨ ᠦᠶ᠎ᠡ ᠳᠤ᠂ ᠠᠮᠢ ᠨᠠᠰᠤᠨ ᠤ ᠬᠢᠵᠠᠭᠠᠷ ᠦᠭᠡᠢ ᠥᠷᠭᠡᠨ ᠠᠭᠤᠳᠠᠮ ᠢ | ᠮᠡᠳᠡᠷᠡᠵᠦ᠂ ᠬᠥᠮᠦᠨ ᠤ ᠠᠮᠢᠳᠤᠷᠠᠯ ᠤᠨ ᠬᠢᠵᠠᠭᠠᠷ ᠦᠭᠡᠢ ᠪᠣᠯᠤᠯᠴᠠᠭ᠎ᠠ ᠶᠢ ᠣᠯᠵᠤ ᠮᠡᠳᠡᠨ᠎ᠡ᠃ ᠢᠷᠡᠭᠡᠳᠦᠢ ᠶᠢᠨ ᠵᠠᠮ | ᠦᠯᠦ ᠮᠡᠳᠡᠭᠳᠡᠭᠰᠡᠨ ᠴᠤ ᠴᠢ ᠶᠠᠭᠤᠨ ᠠᠴᠠ ᠴᠤ ᠠᠶᠤᠬᠤ ᠦᠭᠡᠢ ᠪᠠᠷ ᠲᠠᠷᠠᠭᠠᠴᠢ ᠶᠢᠨ ᠨᠢᠭᠡᠨ ᠦᠯᠦ ᠮᠡᠳᠡᠬᠦ | ᠥᠨᠳᠥᠷ ᠤᠷᠬᠢᠯ ᠳᠤ ᠮᠠᠴᠤᠵᠤ ᠴᠢᠳᠠᠬᠤ ᠶᠤᠮ᠃ | | | ᠪᠡᠯᠡᠳᠭᠡᠭᠰᠡᠨ ᠨᠢ᠄ ᠭᠧ ᠲᠣᠸᠠᠨ ᠯᠢᠶᠡᠨ | |