| ᠠᠳᠡᠭᠦᠷᠡᠯ1 . ᠬᠠᠮᠠᠷ ᠠᠴᠠ ᠴᠢᠰᠤ ᠭᠠᠷᠬᠤ ᠦᠶ᠎ᠡ ᠳᠤ ᠲᠣᠯᠣᠭᠠᠢ ᠪᠠᠨ ᠭᠡᠳᠡᠶᠢᠯᠭᠡᠬᠦ | ᠡᠨᠡ ᠠᠷᠭ᠎ᠠ ᠶᠢᠨ ᠴᠤᠷᠢ ᠶᠢᠨ ᠭᠠᠭᠴᠠ ᠰᠠᠶᠢᠨ ᠲᠠᠢ ᠲᠠᠯ᠎ᠠ ᠭᠡᠪᠡᠯ ᠴᠢᠰᠤ ᠱᠠᠯᠠᠨ ᠳᠡᠭᠡᠷ᠎ᠡ ᠳᠣᠰᠬᠤ ᠶᠢ | ᠬᠤᠷᠢᠭᠯᠠᠳᠠᠭ ᠠᠴᠠ ᠪᠢᠰᠢ ᠬᠠᠷᠢᠨ ᠴᠢᠰᠤ ᠶᠢ ᠵᠣᠭᠰᠣᠭᠠᠵᠤ ᠳᠡᠶᠢᠯᠬᠦ ᠦᠭᠡᠢ᠃ ᠭᠡᠳᠡᠷᠬᠦ ᠪᠠᠨ ᠴᠢᠰᠤ ᠬᠤᠭᠤᠯᠠᠢ | ᠪᠠᠭᠠᠯᠵᠣᠣᠷ ᠲᠤ ᠣᠷᠣᠰᠣᠨ ᠣᠷᠣᠵᠤ᠂ ᠴᠢᠨᠠᠭᠰᠢᠯᠠᠭᠠᠳ ᠪᠦᠭᠡᠯᠵᠢᠭᠦᠯᠵᠦ ᠣᠭᠰᠢᠭᠤᠯᠬᠤ ᠪᠤᠶᠤ ᠠᠮᠢᠰᠬᠤᠯ ᠢ | ᠪᠦᠭᠯᠡᠷᠡᠭᠦᠯᠵᠦ ᠮᠡᠳᠡᠨ᠎ᠡ᠃ ᠵᠥᠪ ᠠᠷᠭ᠎ᠠ ᠭᠡᠪᠡᠯ ᠴᠢᠰᠤ ᠭᠠᠷᠴᠤ ᠪᠠᠶᠢᠭ᠎ᠠ ᠬᠠᠮᠠᠷ ᠤᠨ ᠨᠦᠭᠡᠨ ᠳᠡᠭᠡᠨ ᠬᠦᠪᠦᠩ | ᠴᠢᠬᠢᠴᠢᠭᠡᠭᠡᠳ ᠰᠠᠮᠰᠠ ᠪᠠᠨ ᠬᠦᠩᠭᠡᠭᠡᠨ ᠳᠠᠷᠣᠬᠤ ᠶᠢᠨ ᠳᠠᠭᠠᠤ ᠲᠣᠯᠣᠭᠠᠢ ᠪᠠᠨ ᠪᠦᠯᠬᠦᠶᠢᠯᠭᠡᠬᠦ ᠶᠤᠮ ᠤᠤ ᠡᠰᠡᠭᠦᠯ᠎ᠡ | ᠬᠦᠵᠦᠬᠦᠤ ᠪᠠᠨ ᠬᠦᠢᠳᠡᠨ ᠪᠤᠶᠤ ᠨᠣᠶᠢᠳᠠᠨ ᠠᠯᠴᠢᠭᠤᠷ ᠢᠶᠠᠷ ᠣᠷᠢᠶᠠᠪᠠᠯ ᠴᠢᠰᠤ ᠭᠠᠷᠬᠤ ᠨᠢ ᠵᠣᠭᠰᠣᠳᠠᠭ᠃ | | ᠠᠳᠡᠭᠦᠷᠡᠯ2. ᠰᠣᠭᠤ ᠶᠢᠨ ᠦᠰᠦ ᠪᠠᠨ ᠬᠤᠰᠣᠪᠠᠯ ᠬᠦᠯᠦᠰᠦ ᠭᠠᠷᠬᠤ ᠶᠢ ᠪᠠᠭᠠᠰᠬᠠᠨ᠎ᠠ ᠭᠡᠬᠦ | ᠰᠣᠭᠤ ᠶᠢᠨ ᠦᠰᠦ ᠪᠠᠨ ᠬᠤᠰᠤᠬᠤ ᠨᠢ ᠬᠦᠯᠦᠰᠣ ᠭᠠᠷᠬᠤ ᠲᠠᠢ ᠦᠴᠦᠭᠡᠨ ᠴᠤ ᠬᠠᠮᠢᠶ᠎ᠠ ᠦᠭᠡᠢ᠃ ᠬᠠᠷᠢᠨ | ᠰᠣᠭᠤ ᠶᠢᠨ ᠦᠰᠣ ᠦᠭᠡᠢ ᠪᠣᠯ ᠬᠦᠯᠦᠰᠣ ᠬᠤᠪᠴᠠᠰᠣᠨ ᠳᠤ ᠰᠢᠭᠤᠳ ᠬᠦᠷᠴᠦ ᠬᠤᠪᠴᠠᠰᠣ ᠶᠢ ᠪᠣᠵᠠᠷᠳᠣᠭᠤᠯᠣᠨᠠ | ᠂ ᠡᠬᠦᠨ ᠢᠶᠠᠷ ᠪᠠᠷᠠᠬᠤ ᠦᠭᠡᠢ᠂ ᠰᠣᠭᠤ ᠶᠢᠨ ᠦᠰᠣ ᠶᠢ ᠬᠤᠰᠣᠪᠠᠯ ᠦᠰᠦᠨ ᠤᠭ ᠠᠮᠠᠷᠬᠠᠨ ᠬᠠᠪᠤᠳᠣᠨᠠ᠃ ᠵᠥᠪ | ᠠᠷᠭ᠎ᠠ ᠭᠡᠪᠡᠯ ᠬᠦᠯᠦᠷᠡᠬᠦ ᠠᠴᠠ ᠪᠠᠨ ᠤᠷᠢᠳ ᠰᠣᠭᠤ ᠪᠠᠨ ᠤᠬᠢᠶᠠᠵᠤ ᠪᠠᠶᠢᠭᠠᠷᠠᠢ᠃ | | ᠠᠳᠡᠭᠦᠷᠡᠯ3.ᠬᠦᠯᠦᠰᠣ ᠶᠢ ᠦᠮᠦᠭᠡᠢ ᠭᠡᠬᠦ | ᠬᠦᠯᠦᠰᠣ ᠪᠣᠯ ᠦᠨᠦᠷ ᠦᠭᠡᠢ᠂ ᠳᠡᠭᠡᠪᠡᠴᠦ ᠬᠦᠯᠦᠰᠦᠨ ᠳᠤ ᠮᠠᠰᠢ ᠣᠯᠠᠨ ᠣᠷᠭᠠᠨᠢᠭ ᠪᠣᠳᠠᠰ ᠠᠭᠤᠯᠤᠭᠳᠠᠳᠠᠭ ᠃ | ᠡᠳᠡᠭᠡᠷ ᠣᠷᠭᠠᠨᠢᠭ ᠪᠣᠳᠠᠰ ᠪᠠᠺᠲ᠋ᠧᠷᠢ ᠳᠤ ᠠᠪᠴᠤ ᠬᠡᠯᠡᠪᠡᠯ ᠪᠦᠷ ᠳᠡᠵᠢᠭᠡᠯ ᠪᠤᠯᠬᠤ ᠶᠤᠮ᠃ ᠭᠡᠰᠡᠨ ᠴᠤ᠂ ᠪᠠᠺᠲ᠋ᠧᠷᠢ | ᠬᠦᠯᠦᠰᠣ ᠶᠢ ᠵᠠᠳᠠᠷᠠᠭᠤᠯᠬᠤ ᠦᠶ᠎ᠡ ᠳᠤ ᠰᠠᠶ᠋ᠢ ᠬᠠᠮᠠᠷ ᠭᠠᠳᠠᠮ᠎ᠠ ᠦᠨᠦᠷ ᠲᠠᠢ ᠢᠯᠭᠠᠳᠠᠰᠣ ᠢᠯᠭᠠᠷᠠᠳᠠᠭ᠃ | | ᠠᠳᠡᠭᠦᠷᠡᠯ4.ᠬᠤᠭᠤᠯᠠᠨ ᠤ ᠳᠠᠷᠠᠭ᠎ᠠ ᠪᠠᠷᠢᠨ ᠰᠢᠳᠣ ᠪᠠᠨ ᠣᠬᠢᠶᠠᠬᠤ | ᠢᠳᠡᠵᠦ ᠣᠣᠭᠤᠵᠣ ᠪᠠᠷᠠᠮᠠᠭᠴᠠ ᠪᠠᠨ ᠰᠢᠳᠣ ᠪᠠᠨ ᠣᠬᠢᠶᠠᠪᠠᠯ ᠢᠳᠡᠭᠡᠨ ᠳᠠᠬᠢ ᠬᠦᠴᠢᠯ ᠰᠢᠳᠣᠨ ᠤ ᠹᠯᠠᠨ ᠡᠳ᠋ ᠢ | ᠢᠳᠡᠭᠳᠡᠭᠦᠯᠳᠡᠭ᠃ ᠢᠩᠭᠢᠪᠡᠯ ᠢᠳᠡᠭᠡᠨ ᠳᠠᠬᠢ ᠬᠦᠴᠢᠯᠯᠢᠭ ᠴᠢᠨᠡᠷ ᠤᠨ ᠰᠢᠳᠣ ᠶᠢ ᠮᠠᠭᠤᠳᠠᠭᠤᠯᠬᠤ ᠦᠢᠯᠡᠳᠣᠯ ᠨᠢ | ᠣᠯᠠᠮ ᠴᠢᠩᠭᠠᠷᠠᠳᠠᠭ᠂ ᠵᠦᠪ ᠠᠷᠭ᠎ᠠ ᠭᠡᠪᠡᠯ ᠣᠷᠢᠳᠠᠪᠠᠷ ᠠᠮᠠ ᠪᠠᠨ ᠵᠠᠶᠢᠯᠠᠵᠤ᠂ ᠬᠠᠭᠠᠰ ᠴᠠᠭ ᠤᠨ ᠳᠠᠷᠠᠭ᠎ᠠ ᠰᠠᠶ᠋ᠢ | ᠰᠢᠳᠣ ᠪᠠᠨ ᠣᠬᠢᠶᠠᠨ᠎ᠠ᠃ | | ᠠᠳᠡᠭᠦᠷᠡᠯ5.ᠡᠮ ᠲᠠᠩ ᠤᠨ ᠡᠷᠡᠭᠲᠡᠢ ᠡᠮᠡᠭᠲᠡᠢ ᠬᠦᠮᠦᠨ ᠳᠤ ᠦᠵᠡᠬᠦᠯᠬᠦ ᠦᠢᠯᠡᠳᠣᠯ ᠠᠳᠠᠯᠢᠬᠠᠨ ᠭᠡᠬᠦ | ᠬᠠᠮᠤᠭ ᠤᠨ ᠰᠢᠨ᠎ᠡ ᠰᠣᠳᠣᠯᠭᠠᠨ ᠡᠮ ᠲᠠᠩ ᠤᠨ ᠡᠷᠡᠭᠲᠡᠢ ᠡᠮᠡᠭᠲᠡᠢ ᠬᠦᠮᠦᠨ ᠳᠤ ᠦᠵᠡᠭᠦᠯᠬᠦ ᠡᠮᠴᠢᠯᠡᠭᠡᠨ ᠤ | ᠦᠢᠯᠡᠳᠣᠯ ᠶᠠᠭᠠᠬᠢᠭᠰᠠᠨ ᠴᠤ ᠠᠳᠠᠯᠢ ᠦᠭᠡᠢ ᠭᠡᠭᠰᠡᠨ ᠢ ᠲᠣᠳᠣᠷᠬᠠᠶᠢᠯᠠᠭᠰᠠᠨ ᠪᠠᠶᠢᠨ᠎ᠠ᠃ ᠵᠢᠱᠢᠶᠠᠯᠡᠪᠡᠯ᠂ ᠠᠰᠫᠷᠢᠨ | ᠡᠷᠡᠭᠲᠡᠶᠢᠴᠦᠳ ᠤᠨ ᠵᠢᠷᠣᠭᠡᠨ ᠪᠣᠯᠴᠢᠩ ᠤᠨ ᠲᠦᠭᠵᠢᠷᠡᠯ ᠢ ᠰᠡᠷᠭᠡᠶᠢᠯᠡᠬᠦ ᠳᠤ ᠲᠣᠰᠠ ᠲᠠᠢ ᠪᠣᠯ ᠡᠮᠡᠭᠲᠡᠶᠢᠴᠦᠳ ᠲᠤ | ᠬᠠᠷᠢᠨ ᠳᠠᠮᠡᠢ ᠢᠯᠡᠷᠭᠡᠢ ᠦᠢᠯᠡᠳᠣᠯ ᠦᠭᠡᠢ ᠪᠠᠶᠢᠳᠠᠭ᠃ ᠮᠢᠨᠴᠣᠷᠡᠭᠦᠯᠬᠦ ᠡᠮ ᠭᠡᠬᠦ ᠡᠨᠡᠬᠦ ᠲᠣᠰᠣᠨ ᠳᠤ ᠠᠮᠠᠷᠬᠠᠨ | ᠠᠭᠤᠰᠳᠠᠭ ᠡᠮ ᠢ ᠡᠮᠡᠭᠲᠡᠶᠢᠴᠦᠳ ᠲᠤ ᠬᠡᠷᠡᠭᠯᠡᠬᠦ ᠬᠡᠮᠵᠢᠶ᠎ᠡ ᠨᠢ ᠡᠷᠡᠭᠲᠡᠶᠢᠴᠦᠳ ᠤᠨ ᠬᠢ ᠠᠴᠠ ᠶᠡᠭᠡ ᠪᠠᠶᠢᠳᠠᠭ᠃ | | ᠠᠳᠡᠭᠦᠷᠡᠯ6.ᠡᠳᠦᠷ ᠪᠣᠯᠭᠠᠨ ᠦᠰᠦ ᠪᠠᠨ ᠵᠠᠭᠤ ᠣᠳᠠᠭ᠎ᠠ ᠰᠠᠮᠨᠠᠪᠠᠯ ᠡᠷᠡᠭᠦᠯ ᠮᠡᠨᠲᠣ ᠠᠰᠢᠭ ᠲᠠᠢ ᠭᠡᠬᠦ | ᠬᠡᠵᠢᠭᠡ ᠦᠰᠣ ᠪᠠᠨ ᠬᠡᠲᠣ ᠱᠦᠭᠦᠷᠳᠡᠵᠣ ᠰᠠᠮᠨᠠᠪᠠᠯ ᠬᠤᠶᠢᠬ᠎ᠠ ᠶᠢᠨ ᠳᠡᠭᠡᠷᠡᠬᠢ ᠠᠷᠠᠰᠣᠨ ᠤ ᠦᠭᠡᠬᠦᠨ ᠪᠣᠯᠴᠢᠷᠬᠠᠢ ᠶᠢ | ᠰᠠᠳᠣᠨᠠ᠃ ᠢᠯᠡᠩᠭᠤᠶ᠎ᠡ᠂ ᠲᠣᠰᠣᠯᠢᠭ ᠴᠢᠨᠡᠷᠲᠠᠢ ᠦᠰᠣ ᠬᠡᠵᠢᠭᠡ ᠲᠠᠢ ᠬᠦᠮᠦᠨ ᠨᠡᠩ ᠴᠦᠭᠡᠨ ᠰᠠᠮᠨᠠᠪᠠᠯ | ᠲᠠᠭᠠᠷᠠᠨ᠎ᠠ᠃ ᠬᠡᠷᠪᠡ ᠬᠠᠭᠤᠷᠠᠢ ᠴᠢᠨᠡᠷ ᠤᠨ ᠬᠡᠵᠢᠭᠡ ᠦᠰᠦ ᠲᠠᠢ ᠬᠦᠮᠦᠨ ᠪᠣᠯ ᠢᠯᠡᠭᠦᠭᠡᠨ ᠰᠠᠮᠨᠠᠬᠤ ᠳᠤ ᠲᠣᠬᠢᠷᠠᠨ᠎ᠠ | ᠃ ᠳᠡᠭᠡᠪᠡᠴᠦ᠂ ᠪᠠᠶᠢᠭᠠᠯᠢᠯᠢᠭ ᠳᠡᠯ᠂ ᠵᠣᠭᠳᠣᠷ ᠢᠶᠠᠷ ᠬᠢᠭᠰᠡᠨ ᠰᠠᠮ ᠢᠶᠠᠷ ᠰᠠᠮᠨᠠᠪᠠᠯ ᠬᠠᠮᠤᠭ ᠤᠨ ᠰᠠᠶᠢᠨ᠂ ᠬᠤᠶᠢᠬ᠎ᠠ | ᠭᠡᠮᠳᠤᠭᠡᠬᠦ ᠰᠡᠷᠭᠡᠶᠢᠯᠡᠵᠦ ᠪᠣᠯᠳᠠᠭ᠃ | | ᠠᠳᠡᠭᠦᠷᠡᠯ7.ᠠᠯᠬᠤᠬᠤ ᠨᠢ ᠵᠣᠭᠰᠣᠬᠤ ᠠᠴᠠ ᠬᠤᠯᠠ ᠶᠡᠭᠡ ᠬᠦᠴᠦ ᠲᠠᠮᠢᠷ ᠵᠠᠷᠣᠴᠠᠭᠤᠯᠤᠨᠠ | ᠵᠣᠭᠰᠣᠬᠤ ᠦᠶ᠎ᠡ ᠳᠤ ᠬᠤᠶᠠᠷ ᠬᠦᠯ ᠪᠡᠶ᠎ᠡ ᠶᠢᠨ ᠬᠦᠨᠲᠣ ᠶᠢ ᠲᠣᠯᠭᠠᠭᠤᠷᠢᠯᠠᠳᠠᠭ ᠠᠴᠠ ᠬᠤᠶᠠᠷ ᠬᠦᠯ ᠪᠦᠷ ᠠᠮᠠᠷᠠᠳᠠᠭ | ᠦᠭᠡᠢ᠃ ᠶᠠᠪᠤᠵᠤ ᠪᠠᠶᠢᠬᠤ ᠦᠶ᠎ᠡ ᠳᠤ ᠬᠠᠷᠢᠨ ᠨᠢᠭᠡ ᠬᠦᠯ ᠪᠡᠶ᠎ᠡ ᠶᠢᠨ ᠬᠦᠨᠲᠣ ᠶᠢ ᠲᠣᠯᠭᠠᠭᠤᠷᠢᠯᠠᠬᠤ ᠦᠶ᠎ᠡ ᠳᠤ | ᠨᠦᠬᠦᠭᠡ ᠬᠦᠯ ᠠᠮᠠᠷᠠᠵᠤ ᠠᠮᠵᠢᠳᠠᠭ᠃ | | ᠠᠳᠡᠭᠦᠷᠡᠯ8.ᠠᠮᠳᠠᠲᠠᠢ ᠴᠢᠰᠤ ᠲᠠᠢ ᠬᠦᠮᠦᠨ ᠰᠢᠮᠠᠭᠤᠯ ᠪᠠᠲᠠᠭᠠᠨ᠎ᠠ ᠳᠤ ᠠᠮᠠᠷᠬᠠᠨ ᠬᠠᠳᠬᠤᠭᠳᠠᠨᠠ ᠭᠡᠬᠦ | ᠰᠢᠮᠠᠭᠤᠯ ᠪᠠᠲᠠᠭᠠᠨ᠎ᠠ ᠶᠡᠷᠦ ᠠᠴᠠ ᠴᠢᠰᠣᠨ ᠤ ᠦᠨᠦᠷ ᠢ ᠦᠨᠦᠷᠲᠦᠵᠦ ᠣᠯᠳᠠᠭ ᠦᠭᠡᠢ᠂ ᠳᠡᠭᠡᠪᠡᠴᠦ ᠬᠠᠯᠠᠭᠤᠨ ᠳᠤ | ᠣᠨᠴᠠᠬᠠᠢ ᠰᠡᠷᠭᠡᠭ ᠪᠠᠶᠢᠵᠤ ᠼᠧᠯᠰ ᠤᠨ0.05 ᠭᠷᠠᠳᠦ᠋ᠰ ᠤᠨ ᠵᠦᠷᠢᠶ᠎ᠡ ᠶᠢ ᠴᠤ ᠠᠯᠳᠠᠯ ᠦᠭᠡᠢ ᠢᠯᠭᠠᠨ ᠲᠠᠨᠢᠳᠠᠭ᠃ | ᠲᠡᠶᠢᠨᠬᠦ ᠪᠢᠳᠡ ᠨᠡᠭᠦᠷᠡᠰᠦᠳᠦ᠋ᠷᠦᠭᠴᠢ ᠶᠢᠨ ᠳᠠᠪᠬᠤᠷ ᠢᠰᠣᠯ ᠪᠤᠯᠤᠨ ᠠᠭᠤᠷ ᠢ ᠠᠮᠢᠰᠬᠤᠯᠠᠨ ᠭᠠᠷᠭᠠᠬᠤ ᠳᠤ ᠪᠠᠨ | ᠰᠢᠮᠠᠭᠤᠯ ᠪᠠᠲᠠᠭᠠᠨ᠎ᠠ ᠶᠢ ᠪᠡᠶ᠎ᠡ ᠵᠦᠭ ᠢᠶᠠᠨ ᠲᠠᠳᠠᠴᠢᠬᠠᠳᠠᠭ᠃ | | ᠠᠳᠡᠭᠦᠷᠡᠯ9.ᠡᠷᠡᠭᠦᠯ ᠬᠠᠮᠠᠭᠠᠯᠠᠯ ᠤᠨ ᠦᠷᠦᠭᠡ ᠶᠢ ᠬᠠᠮᠤᠭ ᠤᠨ ᠠᠷᠢᠭᠤᠨ ᠴᠡᠪᠡᠷ ᠪᠤᠰᠤ ᠭᠠᠵᠠᠷ ᠭᠡᠬᠦ | ᠤᠰᠤ ᠪᠠᠷ ᠪᠠᠶᠢᠩᠭᠤ ᠣᠬᠢᠶᠠᠵᠣ ᠴᠡᠪᠡᠷᠯᠡᠳᠡᠭ ᠡᠷᠡᠭᠦᠯ ᠬᠠᠮᠠᠭᠠᠯᠠᠯ ᠤᠨ ᠦᠷᠦᠭᠡ ᠬᠦᠮᠦᠰ ᠤᠨ ᠪᠤᠳᠣᠵᠤ | ᠰᠠᠨᠠᠭᠰᠠᠨ ᠠᠴᠠ ᠬᠤᠯᠠ ᠴᠡᠪᠡᠷᠭᠡᠨ ᠪᠠᠶᠢᠳᠠᠭ᠃ ᠭᠡᠷ ᠪᠦᠯᠢ ᠶᠢᠨ ᠪᠠᠺᠲ᠋ᠧᠷᠢ ᠰᠣᠳᠣᠯᠳᠠᠭ ᠲᠣᠰᠬᠠᠢ ᠮᠡᠷᠭᠡᠵᠢᠯᠲᠡᠨ᠂ | ᠭᠡᠷ ᠦᠷᠦᠭᠡᠨ ᠳᠠᠬᠢ ᠶᠡᠭᠡᠩᠬᠢ ᠪᠠᠺᠲ᠋ᠧᠷᠢ ᠬᠦᠷᠦᠭᠡᠭᠦᠷ ᠤᠨ ᠲᠣᠳᠣᠷ᠎ᠠ ᠬᠠᠨᠠᠨ ᠳᠠᠬᠢ ᠣᠰᠤ ᠭᠠᠳᠠᠭᠰᠢᠯᠠᠭᠤᠯᠬᠤ | ᠭᠤᠣᠷᠰᠣᠨ ᠳᠤ ᠪᠠᠶᠢᠳᠠᠭ ᠢ ᠣᠯᠵᠣ ᠮᠡᠳᠡᠵᠠᠢ᠃ ᠵᠦᠯᠬᠦᠬᠦᠷ ᠲᠠᠬᠢ ᠪᠠᠺᠲ᠋ᠧᠷᠢ ᠴᠤ ᠡᠷᠡᠭᠦᠯ ᠬᠠᠮᠠᠭᠠᠯᠠᠯ ᠤᠨ | ᠦᠷᠦᠭᠡᠨ ᠤ ᠬᠢ ᠠᠴᠠ ᠬᠤᠯᠠ ᠠᠷᠪᠢᠨ ᠪᠠᠶᠢᠳᠠᠭ᠃ | | ᠠᠳᠡᠭᠦᠷᠡᠯ10.ᠰᠡᠴᠡᠨ ᠰᠡᠷᠭᠦᠯᠡᠩ ᠬᠦᠮᠦᠨ ᠤ ᠲᠣᠯᠣᠭᠠᠢ ᠲᠣᠮᠣ ᠭᠡᠬᠦ | ᠶᠡᠭᠡ ᠲᠠᠷᠢᠬᠢᠨ ᠤ ᠶᠡᠭᠡ ᠪᠠᠭ᠎ᠠ ᠬᠦᠮᠦᠨ ᠤ ᠰᠡᠷᠭᠦᠯᠡᠩ ᠡᠰᠡᠬᠦ ᠶᠢ ᠲᠣᠭᠳᠠᠭᠠᠬᠤ ᠵᠠᠩᠬᠢᠯᠠᠭ᠎ᠠ ᠪᠢᠰᠢ᠂ ᠲᠠᠷᠢᠬᠢᠨ ᠤ | ᠪᠦᠲᠦᠴᠡ ᠰᠠᠶ᠋ᠢ ᠬᠠᠮᠤᠭ ᠤᠨ ᠴᠢᠬᠤᠯᠠ᠂ ᠬᠦᠮᠦᠨ ᠤ ᠲᠠᠷᠢᠬᠢᠨ ᠤ ᠠᠵᠢᠯᠯᠠᠭ᠎ᠠ ᠶᠢ ᠮᠡᠳᠡᠷᠡᠯ ᠤᠨ ᠲᠣᠣᠷ | ᠰᠢᠢᠳᠪᠦᠷᠢᠯᠡᠳᠡᠭ᠃ ᠣᠢ ᠲᠣᠢ ᠠᠨᠠᠢ ᠬᠦᠮᠦᠨ ᠤ ᠬᠢ ᠪᠣᠯ ᠡᠨᠡ ᠲᠠᠯ᠎ᠠ ᠶᠢᠨ ᠴᠢᠳᠠᠪᠬᠢ ᠨᠢ ᠠᠯᠳᠠᠭᠳᠠᠭᠰᠠᠨ | ᠪᠠᠶᠢᠳᠠᠭ᠂ ᠬᠠᠷᠢᠨ ᠲᠠᠷᠢᠬᠢᠨ ᠤ ᠶᠡᠭᠡ ᠪᠠᠭ᠎ᠠ ᠲᠠᠢ ᠬᠤᠯᠪᠤᠭ᠎ᠠ ᠦᠭᠡᠢ ᠶᠤᠮ᠃ | ᠡᠬᠢ ᠢᠷᠡᠯᠲᠡ᠄ ᠲᠥᠪ ᠤᠨ ᠰᠦᠯᠵᠢᠶ᠎ᠡ | ᠬᠡᠰᠢᠭᠳᠡᠨ ᠮᠣᠩᠭᠤᠯ ᠰᠦᠯᠵᠢᠶᠡᠨ ᠠᠴᠠ ᠬᠠᠭᠤᠯᠤᠨ ᠪᠠᠭᠤᠯᠭᠠᠪᠠ |