| ᠬᠠᠯᠳᠠᠪᠦᠷᠢᠲᠦ ᠬᠢᠵᠢᠭ ᠰᠠᠮᠠᠭᠤᠷᠠᠭᠰᠡᠨ ᠭᠤᠷᠪᠠᠨ ᠵᠢᠯ ᠤᠨ ᠲᠤᠷᠰᠢ᠂ ︽ᠡᠪᠡᠳᠴᠢᠨ ᠦᠬᠡᠢ ᠪᠤᠯ ᠵᠢᠷᠭᠠᠯ︾ | ᠬᠡᠰᠡᠨ ᠦᠬᠡ ᠤᠯᠠᠨ ᠬᠦᠮᠦᠰ ᠤᠨ ᠰᠡᠳᠬᠢᠯ ᠳᠤ ᠬᠠᠳᠠᠩᠰᠢᠯ᠎ᠠ᠃ ᠶᠠᠭ ᠡᠨᠡ ᠬᠦ ᠬᠢᠵᠢᠭ ᠲᠠᠢ ᠲᠡᠮᠡᠴᠡᠭᠰᠡᠨ | ᠲᠤᠯᠤᠯᠳᠤᠭᠠᠨ ᠰᠢᠪᠳᠤᠷᠠᠭᠠᠨ ᠳᠠᠭᠠᠨ ᠤᠷᠤᠬᠤ ᠦᠶᠡᠰ ᠬᠢᠵᠢᠭ ᠠᠴᠠ ᠰᠡᠷᠬᠡᠶᠢᠯᠡᠬᠦ ᠡᠮ᠂ ᠠᠮᠠᠪᠴᠢ᠂ | ᠠᠷᠢᠭᠤᠳᠬᠠᠭᠤᠷ ᠵᠡᠷᠬᠡ ᠶᠢ ᠨᠦᠬᠡᠴᠡᠯᠡᠬᠦ ᠬᠠᠯᠠᠮᠰᠢᠯ ᠪᠤᠯᠵᠦ᠂ ᠬᠠᠮᠤᠭ ᠬᠦᠮᠦᠰ ᠤᠶᠢᠮᠡᠯᠳᠦᠨ᠂ ᠶᠡᠭᠡ ᠬᠡᠮᠵᠢᠶ᠎ᠡ ᠪᠠᠷ | ᠬᠤᠳᠠᠯᠳᠤᠨ ᠠᠪᠴᠤ ᠨᠦᠬᠡᠴᠡᠯᠡᠭᠰᠡᠨ ᠠᠴᠠ ᠬᠢᠵᠢᠭ ᠠᠴᠠ ᠰᠡᠷᠭᠡᠶᠢᠯᠡᠬᠦ ᠡᠮ ᠤᠨ ᠵᠦᠢᠯᠡᠰ ᠪᠠᠶᠢᠳᠤᠭᠠᠢ ᠲᠠᠭᠰᠢᠭᠤᠷ ᠢ | ᠵᠠᠰᠠᠬᠤ ᠡᠮ ᠴᠦ ᠲᠤᠳᠠᠬᠤ ᠪᠤᠯᠵᠤ᠂ ᠬᠠᠮᠤᠭ ᠤᠯᠠᠨ ᠤ ᠬᠠᠯᠠᠮᠰᠢᠯ ᠪᠤᠯᠤᠭᠰᠡᠨ ᠬᠠᠯᠠᠭᠤᠨ ᠢ ᠪᠠᠭᠤᠷᠠᠭᠤᠯᠬᠤ ᠡᠮ | ᠴᠦ ᠪᠣᠷᠣᠯᠠᠭᠤᠯᠭ᠎ᠠ ᠲᠠᠰᠤᠷᠠᠭᠰᠡᠨ ᠪᠠᠶᠢᠨ᠎ᠠ᠃ | ᠶᠠᠷᠢᠶᠠᠨ ᠦᠬᠡᠢ ᠬᠢᠵᠢᠭ ᠠᠴᠠ ᠰᠡᠷᠬᠡᠶᠢᠯᠡᠬᠦ ᠡᠮ ᠨᠢ ᠬᠦᠮᠦᠨ ᠪᠦᠬᠦᠨ ᠤ ᠡᠷᠡᠬᠦᠯ ᠮᠡᠨᠳᠦ ᠳᠤ ᠰᠢᠭᠤᠳ | ᠬᠤᠯᠪᠤᠭᠳᠠᠨ᠎ᠠ᠂ ᠬᠡᠳᠡᠯ᠎ᠠ ᠤᠳᠤᠬᠠᠨ ᠤ ᠪᠠᠶᠢᠳᠠᠯ ᠲᠤᠤᠷ᠎ᠠ ᠬᠢᠵᠢᠭ ᠡᠪᠡᠳᠴᠢᠨ ᠢ ᠰᠡᠷᠬᠡᠶᠢᠯᠡᠬᠦ ᠳᠤ ᠰᠢᠨᠵᠢᠯᠡᠬᠦ | ᠤᠬᠠᠭᠠᠨᠴᠢ ᠪᠠᠷ ᠬᠠᠨᠳᠤᠨ᠂ ᠠᠯᠢᠪᠠ ᠶᠠᠪᠤᠳᠠᠯ ᠳᠤ ᠯᠠᠪᠳᠠᠭᠤᠨ ᠲᠣᠭᠲᠠᠭᠤᠨ ᠪᠠᠶᠢᠬᠤ ᠪᠣᠯ ᠪᠢᠳᠡᠨ ᠤ ᠠᠮᠢᠳᠤᠷᠠᠯ ᠳᠤ | ᠬᠠᠨᠳᠤᠬᠤ ᠬᠠᠮᠤᠭ ᠤᠨ ᠰᠠᠶᠢᠨ ᠣᠪᠣᠷ ᠪᠠᠶᠢᠳᠠᠯ ᠪᠣᠯᠤᠨ᠎ᠠ᠃ | ᠶᠠᠭᠤᠨ ᠤ ᠤᠷᠢᠳ ᠦᠭᠡ ᠶᠠᠷᠢᠶ᠎ᠠ ᠪᠠᠨ ᠡᠵᠡᠮᠳᠡᠬᠦ ᠬᠡᠷᠡᠭᠲᠠᠢ᠃ ᠬᠢᠵᠢᠭ ᠤᠨ ᠪᠠᠶᠢᠳᠠᠯ ᠭᠠᠷᠬᠤ ᠦᠶ᠎ᠡ ᠳᠤ | ᠡᠯᠳᠡᠪ ᠵᠦᠢᠯ ᠤᠨ ᠮᠡᠳᠡᠭᠡ ᠵᠠᠩᠬᠢ ᠭᠠᠵᠠᠷ ᠰᠠᠢ ᠦᠭᠡᠢ ᠰᠣᠨᠣᠰᠳᠠᠵᠦ᠂ ᠨᠠᠵᠠᠭᠠᠢ ᠪᠤᠷᠤᠭᠤ ᠮᠡᠳᠡᠭᠡ ᠶᠢ ᠡᠳᠦᠷᠵᠢᠨ | ᠰᠤᠨᠤᠰᠬᠤ ᠪᠤᠶᠤ ᠦᠨᠳᠦᠰᠦ ᠪᠠᠷᠢᠮᠳᠠ ᠦᠬᠡᠢ ᠦᠬᠡ ᠬᠡᠯᠡᠵᠦ ᠣᠷᠣ ᠦᠭᠡᠢ ᠭᠠᠵᠠᠷ ᠤᠪᠤᠭ᠎ᠠ ᠪᠤᠰᠬᠠᠬᠤ | ᠠᠵᠢᠯᠯᠠᠭ᠎ᠠ ᠶᠢ ᠬᠢᠬᠦ ᠦᠬᠡᠢ ᠪᠠᠶᠢᠬᠤ ᠨᠢ ᠳᠠᠷᠤᠶ ᠥᠪᠡᠷ ᠢ ᠪᠠᠨ ᠬᠠᠮᠠᠭᠠᠯᠠᠵᠤ ᠪᠠᠶᠢᠭ᠎ᠠ ᠶᠠᠪᠤᠳᠠᠯ ᠪᠣᠯᠤᠨ᠎ᠠ᠃ | ᠵᠠᠷᠢᠮ ᠬᠦᠮᠦᠨ ᠬᠤᠳᠠᠯ ᠬᠠᠭᠤᠷᠮᠠᠭ ᠮᠡᠳᠡᠭᠡ ᠵᠠᠩᠬᠢ ᠶᠢ ᠦᠵᠡᠭᠡᠳ ᠤᠬᠠᠭᠠᠨ ᠲᠥᠬᠦᠭᠡ ᠶᠢ ᠨᠢ ᠤᠯᠬᠤ | ᠦᠭᠡᠢ ᠪᠠᠷ ᠪᠠᠴᠢᠮᠳᠠᠨ ᠰᠠᠨᠳᠤᠷᠬᠤ ᠪᠤᠶᠤ ᠠᠮᠢᠳᠤᠷᠠᠯ ᠤᠨ ᠠᠷᠰᠠᠷ ᠶᠠᠪᠤᠳᠠᠯ ᠠᠴᠠ ᠪᠤᠬᠢᠨᠢᠳᠤᠯ ᠲᠦᠷᠦᠵᠦ᠂ | ᠡᠳᠦᠷᠵᠢᠨ ᠵᠤᠪᠠᠨᠢᠬᠤ ᠪᠤᠶᠤ ᠭᠤᠮᠤᠳᠠᠯ ᠢᠶᠠᠨ ᠲᠤᠭᠠᠴᠢᠭᠰᠠᠭᠠᠷ ᠪᠠᠶᠢᠵᠦ ᠬᠠᠮᠤᠭ ᠡᠴᠤᠰ ᠲᠤᠨᠢ ᠦᠪᠡᠷ ᠤᠨ ᠪᠡᠶ᠎ᠠ ᠨᠢ | ᠡᠪᠡᠳᠴᠢᠨ ᠬᠢᠵᠢᠭ ᠲᠤ ᠤᠨᠤᠭᠳᠠᠳᠠᠭ᠃ ᠭᠠᠶ ᠭᠠᠮᠰᠢᠭ ᠵᠠᠷᠢᠮ ᠳᠠᠭᠠᠨ ᠭᠠᠳᠠᠭᠠᠳᠤ ᠵᠢᠷᠲᠢᠨᠴᠦ ᠠᠴᠠ ᠢᠷᠡᠬᠦ ᠪᠠᠷ | ᠪᠠᠷᠠᠬᠤ ᠥᠬᠡᠶ᠂ ᠪᠠᠰᠠ ᠪᠢᠳᠡᠨ ᠤ ᠳᠣᠲᠣᠭᠠᠳᠤ ᠰᠡᠳᠭᠢᠯ ᠠᠴᠠ ᠢᠷᠡᠳᠡᠭ᠂ ᠨᠠᠵᠠᠭᠠᠶ ᠰᠡᠳᠭᠢᠯᠭᠡ ᠳᠡᠭᠡᠨ ᠵᠥᠪ ᠢᠶᠠᠷ | ᠬᠠᠨᠳᠤᠨ᠂ ᠰᠡᠳᠭᠢᠴᠡ ᠶᠢᠨ ᠰᠡᠷᠭᠡᠶᠢᠯᠡᠯᠲᠡ ᠶᠢᠨ ᠱᠤᠭᠤᠮ ᠢᠶᠠᠨ ᠪᠠᠳᠤᠳᠬᠠᠬᠤ ᠨᠢ ᠸᠢᠷᠦ᠋ᠰ ᠢ ᠰᠡᠷᠬᠡᠶᠢᠯᠡᠬᠦ | ᠬᠠᠮᠤᠭ ᠤᠨ ᠰᠠᠶᠢᠨ ᠡᠮ ᠪᠤᠯᠬᠤ ᠶᠤᠮ᠃ | ᠪᠢᠳᠡ ᠣᠷᠴᠢᠨ ᠲᠣᠭᠤᠷᠢᠨ ᠢᠶᠠᠨ ᠬᠤᠪᠢᠷᠠᠭᠤᠯᠵᠤ ᠴᠢᠳᠠᠬᠤ ᠦᠭᠡᠢ᠂ ᠭᠡᠪᠡᠴᠦ ᠥᠪᠡᠷ ᠤᠨ ᠰᠡᠳᠭᠢᠯ | ᠰᠠᠨᠠᠭ᠎ᠠ ᠪᠠᠨ ᠲᠣᠬᠢᠷᠠᠭᠤᠯᠵᠤ ᠡᠵᠡᠮᠳᠡᠵᠤ ᠪᠣᠯᠤᠨ᠎ᠠ᠃ ᠰᠡᠳᠬᠢᠯ ᠰᠠᠨᠠᠭ᠎ᠠ ᠪᠤᠬᠢᠨᠢᠳᠤᠬᠤ ᠦᠶᠡᠰ ᠨᠣᠮ ᠤᠩᠰᠢᠬᠤ | ᠪᠤᠶᠤ ᠪᠡᠶ᠎ᠡ ᠶᠢᠨ ᠲᠠᠮᠢᠷ ᠤᠨ ᠬᠥᠳᠡᠯᠭᠡᠭᠡᠨ ᠳᠤ ᠤᠷᠤᠯᠴᠠᠨ ᠪᠡᠶ᠎ᠡ ᠮᠠᠬᠠᠪᠣᠳ ᠢᠶᠠᠨ ᠪᠤᠯᠪᠠᠰᠤᠷᠠᠭᠤᠯᠬᠤ ᠡᠰᠡᠪᠡᠯ | ᠠᠮᠢᠳᠦᠷᠠᠯ ᠳᠠᠭᠠᠨ ᠲᠦᠯᠦᠪᠯᠡᠭᠡ ᠲᠤᠭᠲᠠᠭᠠᠨ ᠬᠡᠪ ᠤᠨ ᠵᠤᠷᠰᠢᠯ ᠢᠶᠠᠷ ᠢᠶᠠᠨ ᠲᠠᠶᠢᠪᠤᠡᠭ ᠠᠮᠢᠳᠤᠷᠡᠬᠤ ᠴᠢᠬᠤᠯᠠᠳᠠᠢ᠃ | ᠭᠤᠷᠪᠠᠨ ᠵᠢᠯ ᠤᠨ ᠬᠢᠵᠢᠭ ᠤᠨ ᠬᠤᠭᠤᠴᠠᠭᠠᠨ ᠳᠤ᠂ ᠵᠠᠷᠢᠮ ᠬᠦᠮᠦᠨ ᠨᠢᠭᠳᠠᠯᠠᠨ ᠪᠤᠳᠤᠭᠴᠢ ᠶᠢᠨ ᠦᠨᠡᠮᠯᠡᠯ | ᠠᠪᠤᠭᠰᠡᠨ᠂ ᠵᠠᠷᠢᠮ ᠬᠦᠮᠦᠨ ᠲᠣᠭᠤᠭᠠᠴᠢ ᠪᠤᠯᠵᠦ᠂ ᠡᠮᠴᠢ ᠰᠤᠪᠢᠯᠠᠭᠴᠢ ︽ᠪᠠᠶᠢᠯᠳᠤᠭᠴᠢ︾ ᠪᠣᠯᠵᠤ᠂ ᠪᠠᠭᠰᠢ ᠨᠢ | ︽ᠨᠡᠪᠲᠡᠷᠡᠭᠦᠯᠦᠭᠴᠢ︾ ᠪᠤᠯᠤᠭᠰᠡᠨ ᠬᠡᠳᠡᠭ᠂ ᠠᠮᠢᠳᠦᠷᠠᠯ ᠳᠠᠭᠠᠨ ᠢᠳᠡᠬᠡᠯ ᠲᠠᠢ ᠪᠠᠶᠢᠭᠠᠴᠢ᠂ ︽ᠤᠰᠤ | ᠦᠵᠡᠬᠡᠳᠤ᠋ᠢ ᠪᠠᠷ ᠬᠤᠷᠮᠤᠢ ᠪᠠᠨ ᠰᠢᠭᠤᠵᠦ᠂ ᠭᠤᠤᠯ ᠦᠵᠡᠬᠡᠳᠦᠢ ᠪᠠᠷ ᠭᠤᠳᠤᠯ ᠢᠶᠠᠨ ᠲᠠᠶᠢᠯᠬᠤ︾ ᠶᠢᠨ ᠤᠷᠤᠨ ᠳᠤ | ᠲᠤᠯᠵᠦ ᠢᠷᠡᠭᠰᠡᠨ ᠵᠤᠪᠠᠯᠠᠩ ᠢ ᠲᠤᠭᠤᠯᠤᠭᠠᠳ ᠭᠠᠷᠬᠤ ᠬᠠᠳᠠᠨ ᠵᠤᠷᠢᠭ ᠢᠶᠠᠷ ᠦᠪᠡᠷ ᠢ ᠪᠠᠨ ᠵᠠᠪᠰᠡᠭᠯᠠᠪᠠᠯ ᠵᠤᠬᠢᠨ᠎ᠠ᠃ | | ᠬᠦᠯ ᠬᠤᠷᠢᠭ᠎ᠠ ᠲᠠᠯᠪᠢᠭᠰᠡᠨ ᠴᠠᠭ ᠮᠦᠴᠡ ᠳᠤ᠂ ᠬᠢᠵᠢᠭ ᠡᠪᠡᠳᠴᠢᠨ ᠢ ᠰᠡᠷᠬᠡᠶᠢᠯᠡᠬᠦ ᠳᠤ ᠬᠦᠮᠦᠨ ᠪᠦᠬᠦᠨ | ᠦᠪᠡᠷ ᠠᠴᠠ ᠪᠠᠨ ᠡᠬᠢᠯᠡᠵᠦ᠂ ᠰᠡᠷᠬᠡᠶᠢᠯᠡᠯᠳᠡ ᠶᠢᠨ ᠠᠷᠭ᠎ᠠ ᠠᠪᠴᠠᠯ ᠢ ᠰᠢᠨᠵᠢᠯᠡᠬᠦ ᠤᠬᠠᠭᠠᠨᠴᠢ ᠪᠠᠷ | ᠨᠠᠶᠢᠳᠠᠪᠦᠷᠢᠵᠢᠭᠤᠯᠬᠤ ᠶᠢᠨ ᠬᠠᠮᠳᠦ ᠥᠪᠡᠷ ᠢ ᠪᠠᠨ ᠲᠣᠭᠲᠠᠪᠤᠷᠢᠵᠢᠭᠤᠯᠤᠨ᠂ ᠪᠡᠶ᠎ᠡ ᠰᠡᠳᠭᠢᠯ ᠢᠶᠠᠨ | ᠲᠠᠶᠢᠪᠤᠰᠢᠷᠠᠭᠤᠯᠵᠤ᠂ ᠵᠣᠪᠠᠨᠢᠬᠤ ᠥᠬᠡᠶ᠂ ᠪᠠᠴᠢᠮᠳᠠᠬᠤ ᠥᠬᠡᠶ᠂ ᠰᠣᠬᠤᠷ ᠪᠠᠯᠠᠶ ᠪᠠᠷ ᠡᠮ ᠨᠦᠬᠡᠴᠡᠯᠡᠬᠦ ᠥᠬᠡᠶ᠂ | ᠳᠤᠷ᠎ᠠ ᠪᠠᠷ ᠢᠶᠠᠨ ᠡᠮ ᠬᠡᠷᠡᠭᠯᠡᠬᠦ ᠥᠬᠡᠶ ᠪᠠᠶᠢᠵᠤ᠂ ᠡᠳᠦᠷ ᠲᠤᠲᠤᠮ ᠤᠨ ᠰᠡᠷᠭᠡᠶᠢᠯᠡᠯᠲᠡ ᠬᠠᠮᠠᠭᠠᠯᠠᠯᠲᠠ ᠪᠠᠨ ᠰᠠᠶᠢᠲᠤᠷ | ᠬᠢᠵᠦ᠂ ᠠᠮᠢᠳᠦᠷᠠᠯ ᠳᠠᠭᠠᠨ ᠦᠬᠡᠳᠡᠷᠬᠡᠭ ᠬᠠᠨᠳᠤᠬᠤ ᠨᠢ ᠬᠠᠮᠤᠭ ᠤᠨ ᠴᠢᠬᠤᠯᠠ ᠶᠤᠮ᠃ | |