ᠴᠡᠩᠭᠡᠷ ᠭᠡᠷᠡᠯ ᠨᠢ ᠲᠠᠷᠢᠬᠢᠨ ᠤ ᠡᠰ ᠢ ᠬᠦᠨᠦᠭᠡᠵᠦ ᠦᠳᠡᠯᠬᠦ ᠶᠢ ᠬᠤᠷᠳᠤᠰᠬᠠᠨ᠎ᠠ
ᠨᠡᠶᠢᠲᠡᠯᠡᠭᠰᠡᠨ ᠴᠠᠭ᠄
2020/10/30
       ᠠᠩᠭ᠍ᠯᠢ ᠶᠢᠨ ︽ᠦᠳᠡᠯᠬᠦ ᠪᠠ ᠡᠪᠡᠳᠴᠢᠨ ᠤᠯᠬᠤ ᠶᠣᠰᠣ ᠵᠦᠢ︾ ᠭᠡᠬᠦ ᠰᠡᠳᠬᠦᠯ ᠳᠤ ᠨᠡᠶᠢᠲᠡᠯᠡᠭᠰᠡᠨ ᠨᠢᠭᠡᠨ ᠰᠢᠨ᠎ᠡ ᠰᠤᠳᠤᠯᠭᠠᠨ ᠳᠤ᠂ ᠬᠡᠷᠡᠯ ᠭᠠᠷᠭᠠᠭᠴᠢ ᠬᠤᠶᠠᠷ ᠲᠦᠢᠯᠲᠤ ᠭᠤᠤᠷᠰᠤᠨ ᠠᠴᠠ ᠪᠤᠢ ᠪᠤᠯᠤᠭᠰᠠᠨ ᠴᠡᠩᠭᠡᠷ ᠭᠡᠷᠡᠯ  ᠨᠢ ᠲᠠᠷᠢᠬᠢᠨ ᠤ ᠡᠰ ᠪᠠ ᠨᠢᠲᠦᠨ ᠤ ᠰᠡᠯᠢᠰᠲᠦ ᠪᠦᠷᠬᠦᠪᠴᠢ ᠶᠢ ᠮᠠᠭᠤᠳᠠᠭᠤᠯᠵᠤ᠂ ᠦᠳᠡᠯᠬᠦ ᠶᠢ ᠬᠤᠷᠳᠤᠳᠬᠠᠨ᠎ᠠ ᠭᠡᠵᠦ ᠨᠡᠶᠢᠲᠡᠯᠡᠪᠡ᠃        ᠠᠮᠧᠷᠢᠺᠠ᠂ ᠫᠤᠯᠠᠨᠳ᠋ ᠶᠢᠨ ᠵᠠᠷᠢᠮ ᠶᠡᠭᠡ ᠰᠤᠷᠭᠠᠭᠤᠯᠢ ᠶᠢᠨ ᠡᠷᠳᠡᠮᠳᠡᠳ ᠤᠨ ᠢᠯᠠᠭᠠᠨ ᠳᠤ ᠬᠢᠭᠰᠡᠨ ᠰᠤᠳᠤᠯᠭᠠᠨ ᠤ ᠦᠷ᠎ᠡ ᠳ᠋ᠦᠩ ᠳᠤ᠂ ᠡᠲᠦᠷ ᠪᠤᠯᠭᠠᠨ ᠴᠡᠩᠬᠡᠷ ᠭᠡᠷᠡᠯ ᠤᠨ ᠲᠤᠰᠤᠯᠳᠠ ᠶᠢ ᠬᠦᠯᠢᠶᠡᠭᠰᠡᠨ ᠢᠯᠠᠭᠠᠨ  ᠤ ᠨᠢᠲᠦᠨ ᠤ ᠰᠠᠯᠢᠰᠲᠦ ᠪᠦᠷᠬᠦᠪᠴᠢ ᠶᠢᠨ ᠡᠰ ᠪᠠ ᠲᠠᠷᠢᠬᠢᠨ ᠤ ᠮᠡᠳᠡᠷᠡᠯ ᠤᠨ ᠡᠰ ᠨᠢ ᠬᠦᠨᠦᠭᠡᠭᠳᠡᠭᠰᠡᠨ ᠪᠠᠶᠢᠳᠠᠯ  ᠲᠠᠢ ᠪᠤᠯᠤᠭᠰᠠᠨ ᠪᠦᠭᠡᠳ ᠬᠦᠳᠡᠯᠭᠡᠭᠡᠨ ᠤ ᠴᠢᠳᠠᠪᠤᠷᠢ ᠨᠢ ᠴᠦ ᠨᠦᠯᠦᠭᠡᠯᠡᠭᠳᠡᠭᠰᠡᠨ ᠢ ᠣᠯᠵᠤ ᠮᠡᠳᠡᠭᠰᠡᠨ ᠪᠠᠶᠢᠨ᠎ᠠ᠃ ᠣᠨᠴᠠᠯᠠᠨ ᠳᠤᠷᠠᠳᠤᠭᠤᠰᠢᠲᠠᠢ ᠨᠢ ᠡᠨᠡᠬᠦ ᠲᠤᠷᠰᠢᠯᠳᠠ ᠳᠤ ᠨᠢᠭᠡ ᠪᠦᠯᠦᠭ ᠰᠣᠬᠤᠷ ᠢᠯᠠᠭ᠎ᠠ ᠴᠦ ᠭᠡᠰᠡᠨ ᠴᠡᠩᠭᠡᠷ ᠭᠡᠷᠡᠯ  ᠤᠨ ᠲᠤᠰᠤᠯᠳᠠ ᠪᠠᠷ ᠶᠡᠭᠡ ᠲᠠᠷᠢᠬᠢ ᠪᠠ ᠬᠦᠳᠡᠯᠭᠡᠭᠡᠨ ᠤ ᠴᠢᠳᠠᠪᠤᠷᠢ ᠨᠢ ᠬᠤᠬᠢᠷᠠᠭᠰᠠᠨ ᠪᠠᠶᠢᠳᠠᠯ ᠭᠠᠷᠴᠠᠢ᠃ ᠡᠨᠡ ᠨᠢ ᠲᠤᠰ ᠭᠡᠷᠡᠯ ᠣᠯᠵᠤ ᠬᠠᠷᠠᠬᠤ ᠦᠭᠡᠢ ᠴᠦ ᠭᠡᠰᠡᠨ ᠨᠥᠯᠥᠭᠡ ᠶᠢ ᠨᠢ ᠬᠦᠷᠳᠡᠬᠦ ᠶᠤᠮ ᠪᠠᠶᠢᠨ᠎ᠠ ᠭᠡᠰᠡᠨ ᠦᠷ᠎ᠡ ᠳ᠋ᠦᠩ ᠢ ᠬᠠᠷᠠᠭᠤᠯᠤᠭᠰᠠᠨ ᠪᠠᠶᠢᠨ᠎ᠠ᠃        ᠰᠤᠳᠤᠯᠭᠠᠳᠠᠳ ᠢᠯᠡᠷᠬᠡᠶᠢᠯᠡᠬᠦ ᠳᠡᠭᠡᠨ᠂ ᠬᠤᠵᠢᠮ ᠤᠨ ᠰᠢᠨᠵᠢᠯᠡᠬᠦ ᠤᠬᠠᠭᠠᠨ ᠤ ᠮᠡᠷᠭᠡᠵᠢᠯ ᠪᠠ ᠡᠮᠴᠢᠯᠡᠭᠡᠨ ᠤ ᠲᠦᠪᠰᠢᠨ ᠤ ᠳᠡᠭᠡᠭᠰᠢᠯᠡᠬᠦ ᠶᠢ ᠳᠠᠭᠠᠯᠳᠤᠨ ᠴᠡᠩᠭᠡᠷ ᠬᠡᠷᠡᠯ ᠤᠨ ᠬᠦᠮᠦᠨ ᠤ ᠪᠡᠶ᠎ᠡ ᠳᠤ ᠦᠵᠡᠬᠦᠯᠬᠦ ᠬᠤᠤᠷ ᠨᠦᠯᠦᠭᠡ  ᠶᠢ ᠪᠠᠭᠠᠰᠬᠠᠵᠤ ᠲᠡᠶᠢᠯᠬᠦ ᠪᠣᠯᠣᠮᠵᠢ ᠲᠠᠢ ᠶᠤᠮ᠃ ᠵᠢᠱᠢᠶᠡᠯᠡᠪᠡᠯ᠂ ᠪᠢᠳᠠ ᠬᠤᠪᠠ ᠶᠢᠨ ᠰᠢᠯ ᠵᠡᠬᠦᠬᠦ ᠪᠠᠷ ᠲᠠᠮᠵᠢᠨ ᠭᠠᠷ ᠤᠳᠠᠰᠤ ᠪᠤᠯᠤᠨ ᠺᠤᠮᠫᠢᠦ᠋ᠲ᠋ᠧᠷ ᠤᠨ ᠲᠡᠯᠭᠡᠴᠡ ᠠᠴᠠ ᠭᠠᠷᠭᠠᠭᠰᠠᠨ ᠴᠡᠩᠭᠡᠷ ᠭᠡᠷᠡᠯ ᠢ ᠬᠤᠷᠢᠭᠯᠠᠵᠤ ᠪᠤᠯᠬᠤ ᠪᠦᠭᠡᠳ ᠪᠠᠰᠠ ᠡᠯᠧᠺᠳ᠋ᠷᠣᠨ ᠪᠦᠲᠦᠭᠡᠭᠳᠡᠬᠦᠨ ᠤ ᠲᠡᠯᠭᠡᠴᠡ ᠶᠢᠨ ᠴᠡᠩᠭᠡᠷ ᠬᠡᠷᠡᠯ ᠭᠠᠷᠭᠠᠬᠤ ᠶᠢ ᠪᠠᠭᠠᠰᠬᠠᠵᠤ ᠲᠡᠶᠢᠯᠬᠦ ᠪᠤᠯᠤᠮᠵᠢ ᠲᠠᠢ ᠭᠡᠵᠡᠢ᠃                               ᠢᠷᠡᠯᠳᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号