ᠶᠠᠪᠠᠭᠠᠨ ᠭᠦ᠋ᠮᠦᠨ ᠳᠤ ᠵᠠᠮ ᠲᠠᠯᠪᠢᠬᠤ ᠶᠢ ᠠᠩᠬᠠᠷᠤᠯᠳᠠᠢ
ᠨᠡᠶᠢᠲᠡᠯᠡᠭᠰᠡᠨ ᠴᠠᠭ᠄
2020/11/12
       ᠨᠢᠭᠡ ᠡᠳᠤᠷ ᠪᠢ ᠲᠦᠷᠢᠶᠡᠰᠦᠨ ᠮᠠᠰᠢᠨ ᠳᠤ ᠰᠠᠭᠤᠵᠦ ᠶᠠᠪᠠᠭᠠᠨ ᠤ ᠵᠠᠮ ᠢᠶᠠᠷ ᠦᠡᠭᠭᠡᠷᠡᠭᠦ ᠳᠤ ᠶᠠᠪᠠᠭᠠᠨ ᠭᠦᠮᠦᠰ ᠶᠠᠭ ᠰᠠᠶᠢᠬᠠᠨ ᠵᠠᠮ ᠭᠡᠳᠤᠯᠵᠤ ᠪᠠᠶᠢᠬᠤ ᠲᠠᠢ ᠳᠠᠭᠠᠷᠠᠯᠳᠤᠪᠠ᠂ ᠲᠦᠷᠢᠶᠡᠰᠦᠨ ᠮᠠᠰᠢᠨ ᠤ ᠵᠢᠯᠤᠭᠤᠴᠢ᠄ ︽ᠦᠭᠡᠢ ᠡᠨᠡ ᠶᠠᠪᠠᠭᠠᠨ ᠭᠦᠮᠦᠰ ᠡᠮᠦᠨ᠎ᠠ ᠲᠡᠭᠡᠭᠯᠡᠭᠡᠳ ᠶᠠᠮᠠᠷ ᠭᠡᠴᠡᠭᠦᠦ ᠶᠤᠮ ᠪᠤᠢ᠂ ᠶᠤᠰᠤᠳᠠᠢ ᠴᠠᠭ ᠢ ᠰᠠᠭᠠᠳᠠᠭᠠᠭᠠᠳ ᠁︾ ᠭᠡᠵᠦ ᠠᠮᠠᠨ ᠳᠤ ᠪᠠᠨ ᠲᠦᠳᠦᠨᠡᠭᠡᠳ ᠲᠡᠷᠭᠡᠨ ᠤ ᠪᠠᠨ ᠰᠡᠷᠡᠮᠵᠢ ᠶᠢᠨ ᠬᠤᠨᠭ᠍ᠬᠤ ᠶᠢ ᠲᠠᠷᠤᠵᠦ᠂ ᠴᠢᠬᠢ ᠲᠤᠷᠬᠢᠳᠠᠯ᠎ᠠ ᠤᠷᠳᠦ ᠭᠡᠭᠴᠢ ᠲᠠᠭᠤ ᠲᠠᠳᠠᠭᠤᠯᠤᠨ ᠶᠠᠪᠠᠭᠠᠨ ᠭᠦᠮᠦᠰ ᠲᠠᠢ ᠵᠠᠮ ᠪᠤᠯᠢᠶᠠᠯᠳᠤᠨ ᠭᠠᠷᠴᠦ ᠤᠳᠪᠠ᠃ ᠪᠢ ᠲᠡᠭᠦᠨ ᠠᠴᠠ᠄ ︽ᠶᠡᠷᠦ ᠨᠢ ᠶᠠᠪᠠᠭᠠᠨ ᠭᠦᠮᠦᠨ ᠳᠤ ᠵᠠᠮ ᠲᠠᠯᠪᠢᠪᠠᠯ ᠵᠤᠬᠢᠬᠤ ᠪᠢᠰᠢᠦ︖︾ ᠭᠡᠰᠡᠨ ᠳᠤ ᠳᠡᠷᠡ ᠵᠢᠯᠤᠭᠤᠴᠢ ᠶᠠᠭᠤ ᠴᠦ ᠲᠤᠤᠭᠠᠷᠤᠭᠰᠠᠨ ᠦᠭᠡᠢ᠃ ᠶᠠᠪᠠᠭᠠᠨ ᠤ ᠵᠠᠮ ᠭᠡᠳᠡᠭ ᠨᠢ ᠵᠠᠮ ᠤᠨ ᠠᠭᠤᠯᠵᠠᠷ ᠪᠤᠶᠤ ᠵᠠᠷᠢᠮ ᠵᠠᠮ ᠳᠠᠬᠢ ᠶᠠᠪᠠᠭᠠᠨ ᠭᠦᠮᠦᠨ ᠦᠡᠭᠭᠡᠷᠡᠵᠦ ᠪᠤᠯᠬᠤ ᠭᠠᠵᠠᠷ ᠵᠢᠷᠤᠭᠠᠰᠦ ᠲᠠᠳᠠᠭᠰᠠᠨ ᠲᠤᠬᠢᠶᠠᠨ ᠵᠢᠷᠤᠭᠠᠰᠦ ᠶᠢ ᠭᠡᠯᠡᠵᠦ ᠪᠠᠶᠢᠳᠠᠭ᠃ ᠶᠠᠪᠠᠭᠠᠨ ᠭᠦᠮᠦᠨ ᠵᠠᠮ ᠭᠡᠳᠦᠯᠭᠦ ᠳᠤ ᠪᠠᠨ ᠵᠠᠮ ᠬᠠᠷᠢᠯᠴᠠᠭᠠᠨ ᠤ ᠬᠠᠤᠯᠢ ᠲᠦᠷᠢᠮ ᠳᠤ ᠲᠤᠬᠳᠠᠬᠰᠠᠨ ᠶᠤᠰᠤᠭᠠᠷ ᠶᠠᠪᠠᠭᠠᠨ ᠤ ᠵᠠᠮ ᠢᠶᠠᠷ ᠶᠠᠪᠤᠬᠤ ᠭᠡᠷᠡᠭᠳᠠᠢ᠃ ᠭᠡᠪᠡᠴᠦ ᠵᠠᠷᠢᠮ ᠲᠡᠷᠭᠡ ᠵᠢᠯᠤᠭᠤᠳᠤᠭᠰᠠᠨ ᠭᠦᠮᠦᠨ ᠶᠠᠪᠠᠭᠠᠨ ᠤ ᠵᠠᠮ ᠢᠶᠠᠷ ᠶᠠᠪᠤᠵᠦ ᠪᠠᠶᠢᠭ᠎ᠠ ᠶᠠᠪᠠᠭᠠᠨ ᠭᠦᠮᠦᠨ ᠢ ᠬᠠᠶᠢᠬᠤᠷᠤᠯ ᠦᠭᠡᠢ ᠪᠠᠷ ᠰᠡᠷᠡᠮᠵᠢ ᠶᠢᠨ ᠬᠤᠩᠬᠤ ᠪᠠᠨ ᠬᠠᠨᠭ᠍ᠬᠢᠨᠠᠭᠤᠯᠤᠨ ᠰᠠᠯᠬᠢ ᠲᠠᠳᠠᠭᠤᠯᠤᠨ ᠭᠠᠷᠴᠦ ᠪᠠᠶᠢᠭᠰᠠᠨ ᠦᠵᠡᠭᠳᠡᠯ ᠢ ᠲᠠ ᠪᠢᠳᠡ ᠤᠯᠠᠨ ᠬᠠᠷᠠᠵᠦ ᠪᠠᠶᠢᠭᠰᠠᠨ ᠪᠠᠶᠢᠬᠤ ᠳ᠋ᠠ᠃ ᠤᠨᠴᠠᠭᠠᠢᠢᠯᠠᠨ ᠵᠠᠮ ᠤᠨ ᠠᠭᠤᠯᠵᠠᠷ ᠤᠨ ᠲᠤᠬᠢᠶᠠᠨ ᠳ᠋ᠸᠡᠭ ᠤᠨ ᠤᠯᠠᠭᠠᠨ ᠳ᠋ᠸᠡᠭ ᠨᠤᠴᠤᠵᠦ ᠪᠠᠶᠢᠬᠤ ᠦᠶᠡᠰ ᠪᠠᠷᠠᠭᠤᠨᠰᠢ ᠮᠤᠷᠦ᠋ᠢᠬᠤ ᠮᠠᠰᠢᠨ ᠲᠡᠷᠭᠡ ᠶᠠᠪᠠᠭᠠᠨ ᠤ ᠵᠠᠮ ᠢᠶᠠᠷ ᠶᠠᠪᠤᠵᠦ ᠪᠠᠶᠢᠬᠤ ᠭᠦᠮᠦᠨ ᠳᠤ ᠵᠠᠮ ᠲᠠᠯᠪᠢᠬᠤ ᠦᠭᠡᠢ ᠪᠤᠯᠢᠶᠠᠯᠴᠠᠨ ᠦᠡᠭᠭᠡᠷᠡᠳᠡᠭ ᠦᠵᠡᠭᠳᠡᠯ ᠢ ᠵᠦᠡᠭᠳᠡᠭᠡᠨ ᠬᠠᠷᠠᠵᠦ ᠪᠠᠶᠢᠭᠰᠠᠨ ᠪᠢᠯᠠ᠃ ᠦᠨᠡᠨ ᠢ ᠭᠡᠯᠡᠭᠦ ᠳᠤ ᠮᠠᠰᠢᠨ ᠲᠡᠷᠭᠡ ᠵᠢᠯᠤᠭᠤᠳᠤᠭᠰᠠᠨ ᠭᠦᠮᠦᠨ ᠶᠠᠪᠠᠭᠠᠨ ᠤ ᠵᠠᠮ ᠢᠶᠠᠷ ᠦᠡᠭᠭᠡᠷᠡᠭᠦ ᠳᠤ ᠶᠠᠪᠠᠭᠠᠨ ᠭᠦᠮᠦᠨ ᠳᠤ ᠵᠠᠮ ᠲᠠᠯᠪᠢᠬᠤ ᠶᠤᠰᠤ ᠲᠦᠷᠢᠮ ᠪᠠᠶᠢᠬᠤ ᠳᠤ ᠵᠠᠷᠢᠮ ᠵᠢᠯᠤᠭᠤᠴᠢ ᠬᠠᠷᠢᠨ ᠶᠠᠪᠠᠭᠠᠨ ᠬᠦᠮᠤᠨ ᠲᠠᠢ ᠵᠠᠮ ᠪᠤᠯᠢᠶᠠᠯᠳᠤᠨ ᠭᠠᠷᠳᠠᠭ᠃      ᠮᠠᠨ ᠤ ᠤᠯᠤᠰ ᠤᠨ ᠵᠠᠮ ᠬᠠᠷᠢᠯᠴᠠᠭᠠᠨ ᠤ ᠠᠮᠦᠷ ᠲᠦᠪᠰᠢᠨ ᠤ ᠬᠠᠤᠯᠢ ᠳᠤ ᠮᠠᠰᠢᠨ ᠲᠡᠷᠭᠡ ᠶᠠᠪᠠᠭᠠᠨ ᠤ ᠵᠠᠮ ᠢᠶᠠᠷ ᠦᠡᠭᠭᠡᠷᠡᠭᠦ ᠳᠤ ᠬᠤᠷᠳᠤᠴᠠ ᠪᠠᠨ ᠤᠳᠠᠭᠠᠰᠢᠷᠠᠭᠤᠯᠵᠦ᠂ ᠭᠡᠷᠪᠡ ᠶᠠᠪᠠᠭᠠᠨ ᠭᠦᠮᠦᠨ ᠦᠡᠭᠭᠡᠷᠡᠵᠦ ᠪᠠᠶᠢᠪᠠᠯ ᠲᠡᠷᠭᠡ ᠪᠠᠨ ᠵᠤᠭᠰᠤᠭᠠᠵᠦ ᠶᠠᠪᠠᠭᠠᠨ ᠭᠦᠮᠦᠨ ᠳᠤ ᠵᠠᠮ ᠲᠠᠯᠪᠢᠬᠤ ᠭᠡᠷᠡᠭᠳᠠᠢ᠃ ᠮᠠᠰᠢᠨ ᠲᠡᠷᠭᠡ ᠵᠠᠮ ᠬᠠᠷᠢᠯᠴᠠᠭᠠᠨ ᠤ ᠲᠤᠬᠢᠶᠠᠨ ᠳ᠋ᠸᠡᠭ ᠦᠭᠡᠢ ᠵᠠᠮ ᠢᠶᠠᠷ ᠦᠡᠭᠭᠡᠷᠡᠭᠦ ᠦᠶᠡᠰ ᠭᠡᠷᠪᠡ ᠶᠠᠪᠠᠭᠠᠨ ᠭᠦᠮᠦᠨ ᠶᠠᠪᠤᠵᠦ ᠪᠠᠶᠢᠪᠠᠯ ᠵᠠᠮ ᠲᠠᠯᠪᠢᠵᠦ ᠦᠭᠭᠦ ᠭᠡᠷᠡᠭᠳᠠᠢ ᠭᠡᠵᠦ ᠲᠤᠳᠤᠷᠬᠠᠢ ᠲᠤᠭᠳᠠᠭᠠᠭᠰᠠᠨ ᠪᠠᠶᠢᠳᠠᠭ᠃ ᠶᠡᠷᠦ ᠨᠢ ᠵᠢᠯᠤᠭᠤᠴᠢ ᠶᠢᠨ ᠦᠨᠡᠮᠯᠡᠯ ᠰᠢᠯᠭᠠᠭᠤᠯᠬᠤ ᠦᠶᠡᠰ ᠨᠢᠭᠡᠳᠦᠭᠡᠷ ᠲᠦᠷᠦᠯ ᠤᠨ ᠬᠢᠴᠢᠶᠠᠯ ᠤᠨ ᠰᠢᠯᠭᠠᠯᠳᠠ ᠳᠤ ᠡᠯ᠎ᠠ ᠲᠦᠷᠦᠯ ᠤᠨ ᠵᠠᠮ ᠬᠠᠷᠢᠯᠴᠠᠭᠠᠨ ᠤ ᠶᠤᠰᠤ ᠲᠦᠷᠢᠮ ᠢ ᠲᠤᠳᠤᠷᠬᠠᠢ ᠵᠢᠭᠠᠵᠦ ᠪᠠᠶᠢᠳᠠᠭ᠂ ᠡᠭᠦᠨ ᠳᠤ ᠶᠠᠪᠠᠭᠠᠨ ᠤ ᠵᠠᠮ ᠢᠶᠠᠷ ᠦᠡᠭᠭᠡᠷᠡᠭᠦ ᠳᠤ ᠶᠠᠭᠠᠬᠢᠪᠠᠯ ᠵᠤᠬᠢᠬᠤ ᠲᠤᠬᠠᠢ ᠵᠢᠯᠤᠭᠤᠴᠢ ᠨᠠᠷ ᠪᠦᠷ ᠲᠤᠪ ᠲᠤᠳᠤᠷᠬᠠᠢ ᠰᠤᠷᠤᠯᠴᠠᠭᠰᠠᠨ ᠪᠠᠶᠢᠬᠤ ᠶᠤᠰᠤᠳᠠᠢ᠃ ᠬᠠᠷᠢᠨ ᠵᠢᠯᠤᠭᠤᠴᠢ ᠶᠢᠨ ᠦᠨᠡᠮᠯᠡᠯ ᠢᠶᠠᠨ ᠰᠢᠯᠭᠠᠭᠤᠯᠵᠦ ᠠᠪᠤᠭᠰᠠᠨ ᠬᠤᠶᠢᠨ᠎ᠠ ᠪᠠᠨ ᠰᠤᠷᠤᠭᠰᠠᠨ ᠮᠡᠳᠡᠯᠭᠡ ᠪᠠᠨ ᠦᠢᠯᠡᠳᠦᠯᠭᠡᠵᠢᠭᠦᠯᠭᠦ ᠲᠠᠯ᠎ᠠ ᠳᠤ ᠵᠠᠷᠢᠮ ᠵᠢᠯᠤᠭᠤᠴᠢ ᠨᠠᠷ ᠲᠤᠳᠠᠮᠠᠭ ᠪᠠᠶᠢᠳᠠᠭ᠃ ᠶᠠᠪᠠᠭᠠᠨ ᠤ ᠵᠠᠮ ᠢᠶᠠᠷ ᠦᠡᠭᠭᠡᠷᠡᠭᠦ ᠳᠤ ᠬᠤᠷᠳᠤᠴᠠ ᠪᠠᠨ ᠤᠳᠠᠭᠠᠰᠢᠷᠠᠭᠤᠯᠬᠤ ᠪᠤᠶᠤ ᠶᠠᠪᠠᠭᠠᠨ ᠭᠦᠮᠦᠨ ᠳᠤ ᠵᠠᠮ ᠲᠠᠯᠪᠢᠵᠦ ᠦᠭᠭᠦ ᠳᠤ ᠭᠡᠳᠦᠨ ᠰᠧᠺᠦ᠋ᠨ᠋ᠳ᠋ ᠤᠨ ᠬᠤᠭᠤᠷᠤᠨᠳᠤᠬᠢ ᠶᠠᠪᠤᠳᠠᠯ ᠪᠠᠶᠢᠵᠦ᠂ ᠡᠨᠡ ᠭᠡᠳᠦᠭᠡᠨ ᠰᠧᠺᠦ᠋ᠨ᠋ᠳ᠋ ᠢ ᠠᠷᠪᠢᠯᠠᠵᠦ ᠪᠠᠶᠢᠨ᠎ᠠ ᠭᠡᠮᠡᠨ ᠵᠠᠮ ᠬᠠᠷᠢᠯᠴᠠᠭᠠᠨ ᠤ ᠶᠤᠰᠤ ᠲᠦᠷᠢᠮ ᠢ ᠵᠦᠷᠢᠴᠡᠵᠦ ᠭᠡᠨᠡᠳᠳᠡ ᠶᠢᠨ ᠠᠳᠡᠯ ᠭᠡᠷᠡᠭ ᠭᠠᠷᠭᠠᠪᠠᠯ ᠬᠠᠷᠠᠮᠰᠠᠪᠠᠴᠦ ᠤᠷᠦ᠋ᠢᠳᠠᠬᠤ ᠪᠤᠯᠤᠨ᠎ᠠ᠃      ᠡᠶᠢᠮᠦ ᠠᠴᠠ ᠵᠢᠯᠤᠭᠤᠴᠢ ᠨᠠᠷ ᠲᠤ ᠪᠠᠨ ᠰᠠᠨᠠᠭᠤᠯᠬᠤ ᠨᠢ᠂ ᠮᠠᠰᠢᠨ ᠲᠡᠷᠭᠡ ᠵᠢᠯᠤᠭᠤᠳᠴᠦ ᠵᠠᠮ ᠳᠤ ᠭᠠᠷᠬᠤ ᠳᠤ ᠪᠠᠨ ᠵᠠᠮ ᠬᠠᠷᠢᠯᠴᠠᠭᠠᠨ ᠤ ᠲᠦᠷᠢᠮ ᠲᠤᠭᠳᠠᠭᠠᠯ ᠢ ᠵᠢᠷᠤᠮᠯᠠᠵᠦ᠂ ᠤᠨᠴᠠᠭᠠᠢᠢᠯᠠᠨ ᠶᠠᠪᠠᠭᠠᠨ ᠤ ᠵᠠᠮ ᠢᠶᠠᠷ ᠦᠡᠭᠭᠡᠷᠡᠭᠦ ᠳᠤ ᠪᠠᠨ ᠬᠤᠷᠳᠤᠴᠠ ᠪᠠᠨ ᠤᠳᠠᠭᠠᠰᠢᠷᠠᠭᠤᠯᠵᠦ᠂ ᠶᠠᠪᠠᠭᠠᠨ ᠭᠦᠮᠦᠨ ᠳᠤ ᠵᠠᠮ ᠲᠠᠯᠪᠢᠬᠤ ᠶᠢ ᠤᠨᠴᠠᠭᠠᠢᠢᠯᠠᠨ ᠠᠩᠬᠠᠷᠤᠭᠠᠷᠠᠢ᠃ ᠴᠠᠭ ᠭᠡᠳᠦᠢ ᠪᠠᠴᠢᠮ ᠪᠠᠶᠢᠭᠰᠠᠨ ᠴᠦ ᠵᠠᠮ ᠬᠠᠷᠢᠯᠴᠠᠭᠠᠨ ᠤ ᠬᠠᠤᠯᠢ ᠲᠦᠷᠢᠮ ᠢᠶᠠᠨ ᠪᠠᠳᠤ ᠰᠠᠬᠢᠯᠳᠠᠢ︕                            ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号