| ᠡᠪᠠᠰᠤ ᠪᠤᠷᠳᠤᠭ᠎ᠠ ᠶᠢ ᠡᠯᠳᠠᠪ ᠲᠥᠷᠤᠯ ᠤᠨ ᠡᠪᠠᠳᠴᠢᠨ ᠤ ᠪᠠᠺᠲ᠋ᠧᠷᠢ ᠶᠢᠨ ᠬᠠᠯᠳᠠᠪᠤᠷᠢᠯᠠᠯ ᠠᠴᠠ | ᠰᠠᠷᠭᠡᠶᠢᠯᠠᠬᠦ ᠶᠢᠨ ᠲᠥᠯᠤᠭᠡ ᠲᠤᠤᠷᠠᠭᠢ ᠠᠷᠭ᠎ᠠ ᠪᠠᠷᠢᠯ ᠢ ᠠᠪᠴᠤ ᠪᠤᠯᠤᠨ᠎ᠠ᠄ | ︵1︶ ᠬᠠᠳᠤᠯᠠᠩ ᠤᠨ ᠭᠠᠵᠠᠷ ᠪᠤᠯᠤᠨ ᠡᠪᠠᠰᠤ ᠪᠤᠷᠳᠤᠭ᠎ᠠ ᠬᠤᠷᠢᠶᠠᠵᠤ ᠪᠥᠬᠦᠢ ᠭᠠᠵᠠᠷ ᠲᠤ ᠮᠠᠯ | ᠤᠷᠤᠭᠤᠯᠬᠤ ᠥᠭᠡᠢ᠂ ᠬᠤᠭ ᠨᠤᠪᠰᠢ᠂ ᠥᠬᠦᠳᠠᠯ ᠰᠡᠭ ᠬᠠᠶᠠᠬᠤ ᠥᠭᠡᠢ᠂ ᠲᠠᠬᠦᠨ ᠤ ᠤᠶᠢᠷ᠎ᠠ ᠬᠠᠪᠢ ᠪᠠᠷ ᠠᠷᠠᠰᠤ | ᠨᠤᠤᠰᠤ ᠵᠠᠷᠭᠡ ᠶᠢ ᠵᠥᠭᠡᠭᠡᠪᠤᠷᠢᠯᠠᠬᠦ ᠥᠭᠡᠢ ᠪᠠᠶᠢᠪᠠᠯ ᠵᠤᠭᠢᠬᠤ ᠪᠥᠭᠡᠳ ᠤᠨᠴᠠᠭᠠᠶᠢᠯᠠᠨ ᠭᠢᠵᠢᠭ ᠲᠠᠯᠭᠡᠷᠡᠭᠰᠠᠨ | ᠭᠠᠵᠠᠷ ᠠᠴᠠ ᠵᠥᠭᠡᠭᠡᠪᠤᠷᠢᠯᠠᠬᠦ ᠶᠢ ᠴᠢᠩᠭ᠎ᠠ ᠰᠠᠷᠭᠡᠶᠢᠯᠠᠨ᠎ᠠ᠃ | ︵2︶ ᠭᠡᠮ ᠲᠠᠢ ᠮᠠᠯ᠂ ᠤᠨᠴᠠᠭᠠᠶᠢᠯᠠᠨ ᠬᠠᠯᠳᠠᠪᠤᠷᠢᠳᠤ ᠭᠢᠵᠢᠭ ᠲᠠᠢ ᠮᠠᠯ᠂ ᠤᠨᠴᠠᠭᠠᠶᠢᠯᠠᠨ | ᠬᠠᠯᠳᠠᠪᠤᠷᠢᠳᠤ ᠭᠢᠵᠢᠭ ᠲᠠᠢ ᠮᠠᠯ ᠢ ᠴᠠᠭ ᠲᠤᠬᠠᠢ ᠳᠤᠨᠢ ᠲᠤᠰᠠᠭᠠᠷᠯᠠᠵᠤ᠂ ᠡᠪᠠᠰᠤ ᠪᠤᠷᠳᠤᠭ᠎ᠠ ᠬᠤᠷᠢᠶᠠᠵᠤ ᠪᠥᠬᠦᠢ | ᠭᠠᠵᠠᠷ ᠠᠴᠠ ᠵᠠᠶᠢᠳᠠᠢ ᠪᠠᠶᠢᠯᠭᠠᠨ᠎ᠠ᠃ ᠡᠪᠠᠰᠤ ᠪᠤᠷᠳᠤᠭ᠎ᠠ ᠶᠢ ᠬᠠᠳᠤᠵᠤ ᠬᠤᠷᠢᠶᠠᠨ ᠪᠤᠯᠪᠠᠰᠤᠷᠠᠭᠤᠯᠬᠤ ᠳᠤ ᠠᠯᠬᠤᠮ | ᠲᠠᠷᠠᠭ᠎ᠠ ᠲᠠᠢ ᠠᠷᠢᠭᠤᠨ ᠴᠠᠪᠠᠷ ᠪᠠᠶᠢᠯᠭᠠᠬᠤ ᠨᠢ ᠮᠠᠯ ᠤᠨ ᠭᠢᠵᠢᠭ ᠭᠡᠮ ᠢ ᠰᠠᠷᠭᠡᠶᠢᠯᠠᠬᠦ ᠳᠤ ᠴᠢᠬᠤᠯᠨ ᠠᠴᠢ | ᠬᠤᠯᠪᠤᠭᠳᠠᠯ ᠲᠠᠢ ᠶᠤᠮ᠃ | ᠲᠠᠵᠢᠭᠡᠯ ᠡᠪᠠᠰᠤ ᠶᠢ ᠵᠤᠭᠢᠬᠤ ᠴᠠᠭ ᠲᠤᠨᠢ ᠬᠠᠳᠤᠵᠤ᠂ ᠲᠠᠵᠢᠭᠡᠯ ᠡᠪᠠᠰᠤᠨ ᠤ ᠲᠥᠷᠤᠯ ᠵᠥᠢᠯ ᠢ ᠨᠢ | ᠥᠨᠳᠤᠰᠤᠯᠠᠨ ᠠᠯᠢ ᠵᠤᠭᠢᠰᠳᠠᠢ ᠭᠠᠵᠠᠷ ᠨᠢ ᠬᠤᠷᠢᠶᠠᠵᠤ ᠬᠠᠳᠠᠭᠠᠯᠠᠬᠤ ᠮᠠᠰᠢ ᠴᠢᠬᠤᠯᠨ᠃ ᠡᠰᠢ ᠰᠥᠷᠠᠯ᠂ ᠥᠷᠡᠯᠢᠭ | ᠲᠠᠵᠢᠭᠡᠯ ᠡᠪᠠᠰᠤ ᠶᠢ ᠬᠠᠭᠤᠷᠠᠢ ᠭᠠᠵᠠᠷ ᠬᠠᠳᠠᠭᠠᠯᠠᠵᠤ᠂ ᠴᠢᠭᠢᠭ ᠨᠦᠢᠳᠠᠨ ᠠᠴᠠ ᠠᠯᠢ ᠪᠤᠯᠬᠤ ᠪᠠᠷ ᠵᠠᠶᠢᠯᠠᠰᠭᠢᠬᠤ | ᠭᠡᠷᠡᠭᠳᠠᠢ᠃ | ᠱᠥᠬᠦᠰᠤ ᠶᠠᠭᠡᠳᠠᠢ ᠡᠪᠠᠰᠤ ᠶᠢ ᠭᠡᠳᠤᠷᠭᠡᠢ ᠬᠠᠯᠠᠭᠤᠳᠠᠭᠤᠯᠬᠤ ᠥᠭᠡᠢ ᠪᠥᠭᠡᠳ ᠪᠠᠰᠨ ᠬᠥᠯᠳᠠᠭᠡᠬᠦ | ᠥᠭᠡᠢ ᠪᠠᠷ ᠬᠠᠳᠠᠭᠠᠯᠠᠪᠠᠯ ᠰᠠᠶᠢᠨ᠃ ᠶᠠᠷᠤᠩᠭᠡᠢ ᠳᠡᠭᠡᠨ ᠡᠪᠠᠰᠤ ᠶᠢ ᠬᠠᠭᠤᠷᠠᠢ᠂ ᠰᠠᠯᠭᠢ ᠨᠠᠪᠳᠠᠷᠠᠳᠡᠭ ᠭᠠᠵᠠᠷ | ᠬᠠᠳᠠᠭᠠᠯᠠᠪᠠᠯ ᠵᠤᠭᠢᠨ᠎ᠠ᠃ ᠥᠷᠡᠯᠢᠭ ᠡᠪᠠᠰᠤ᠂ ᠲᠠᠯᠠᠭᠳᠠᠭᠰᠠᠨ ᠲᠠᠵᠢᠭᠡᠯ ᠢ ᠬᠤᠷᠤᠬᠠᠶᠢᠳᠤᠯ ᠠᠴᠠ ᠰᠠᠷᠭᠡᠶᠢᠯᠠᠬᠦ ᠶᠢᠨ | ᠲᠤᠯᠠᠳᠠ ᠲᠤᠭᠳᠠᠮᠠᠯ ᠬᠤᠭᠤᠴᠠᠭ᠎ᠠ ᠲᠠᠢ ᠪᠠᠶᠢᠴᠠᠭᠠᠨ ᠥᠵᠠᠵᠤ᠂ ᠴᠢᠬᠤᠯᠨ ᠲᠠᠢ ᠥᠶ᠎ᠠ ᠳᠤ ᠠᠷᠢᠭᠤᠳᠬᠠᠨ | ᠴᠠᠪᠠᠷᠯᠠᠵᠤ ᠴᠢᠭᠢᠭᠳᠡᠬᠦᠯᠬᠦ ᠥᠭᠡᠢ ᠪᠠᠶᠢᠯᠭᠠᠨ᠎ᠠ᠃ ᠥᠨᠳᠤᠰᠦᠯᠢᠭ ᠡᠰᠢ ᠪᠥᠬᠦᠢ ᠲᠠᠵᠢᠭᠡᠯ ᠡᠪᠠᠰᠤ ᠶᠢ ᠡᠷᠭᠡᠪᠰᠢ | ᠬᠠᠭᠤᠷᠠᠢ ᠭᠠᠵᠠᠷ ᠬᠠᠳᠠᠭᠠᠯᠠᠵᠤ᠂ ᠢᠯᠵᠠᠷᠠᠵᠤ ᠡᠪᠳᠠᠷᠡᠭᠰᠠᠨ ᠪᠠᠶᠢᠪᠠᠯ ᠴᠠᠭ ᠲᠤᠬᠠᠢ ᠳᠤᠨᠢ ᠠᠷᠢᠯᠭᠠᠨ ᠴᠠᠪᠠᠷᠯᠠᠪᠠᠯ | ᠵᠤᠭᠢᠨ᠎ᠠ᠃ | ᠡᠪᠠᠰᠤ ᠪᠤᠷᠳᠤᠭᠠᠨ ᠤ ᠰᠢᠮ᠎ᠠ ᠲᠠᠵᠢᠭᠡᠯ ᠢ ᠬᠠᠳᠠᠭᠠᠯᠠᠵᠤ᠂ ᠠᠮᠳᠠ ᠶᠢ ᠰᠠᠶᠢᠵᠢᠷᠠᠭᠤᠯᠤᠨ᠂ ᠮᠠᠯ ᠳᠤ | ᠰᠢᠩᠭᠡᠭᠡᠭᠳᠠᠬᠦ ᠴᠢᠨᠠᠷ ᠢ ᠲᠠᠭᠡᠭᠰᠢᠯᠠᠬᠦᠯᠬᠦ ᠶᠢᠨ ᠲᠥᠯᠤᠭᠡ ᠮᠠᠯ ᠢᠶᠠᠨ ᠲᠠᠵᠢᠭᠡᠬᠦ ᠶᠢᠨ ᠤᠷᠢᠳ ᠲᠤᠭᠤᠰᠤ ᠰᠢᠷᠤᠢ᠂ | ᠢᠯᠵᠠᠷᠠᠵᠤ ᠡᠪᠳᠠᠷᠡᠭᠰᠠᠨ ᠡᠪᠠᠰᠤ ᠶᠢ ᠨᠢ ᠠᠷᠢᠯᠭᠠᠨ ᠴᠠᠪᠠᠷᠯᠠᠵᠤ᠂ ᠴᠢᠬᠤᠯᠨ ᠲᠠᠢ ᠥᠶ᠎ᠠ ᠳᠤ ᠰᠠᠯᠭᠢᠨ ᠳᠤ ᠬᠠᠳᠠᠭᠠᠨ | ᠴᠢᠭᠢᠭ ᠢ ᠨᠢ ᠭᠠᠷᠭᠠᠨ᠎ᠠ᠃ ᠭᠡᠬᠦ ᠳᠡᠭᠡᠨ ᠪᠥᠳᠤᠬᠦᠯᠢᠭ ᠲᠠᠵᠢᠭᠡᠯ ᠢ ᠭᠡᠷᠴᠢᠭᠰᠡᠨ ᠤ ᠰᠠᠬᠦᠯᠠᠷ ᠮᠠᠯ ᠢᠶᠠᠨ ᠲᠠᠵᠢᠭᠡᠵᠤ᠂ | ᠥᠨᠳᠤᠰᠦᠯᠢᠭ ᠡᠰᠢᠳᠤ ᠲᠠᠵᠢᠭᠡᠯ ᠢ ᠤᠷᠢᠳᠠᠪᠠᠷ ᠭᠡᠷᠴᠢᠵᠤ ᠵᠢᠵᠢᠭᠯᠡᠭᠡᠳ ᠲᠠᠷᠠᠭ᠎ᠠ ᠨᠢ ᠵᠢᠩᠨᠠᠬᠦ ᠪᠤᠶᠤ ᠴᠢᠨᠠᠵᠤ | ᠲᠠᠵᠢᠭᠡᠨ᠎ᠠ᠃ ᠡᠪᠠᠰᠤᠨ ᠤ ᠰᠢᠮ᠎ᠠ ᠶᠢ ᠪᠠᠳᠤᠯᠠᠵᠤ᠂ ᠰᠤᠷᠭᠤᠭ ᠴᠢᠨᠠᠷ ᠢ ᠬᠠᠳᠠᠭᠠᠯᠠᠬᠤ ᠶᠢᠨ ᠲᠥᠯᠤᠭᠡ ᠡᠭᠢᠯᠠᠨ | ᠴᠠᠴᠡᠭᠯᠠᠵᠤ ᠪᠥᠬᠦᠢ ᠥᠶ᠎ᠠ ᠳᠤᠨᠢ ᠬᠠᠳᠤᠵᠤ᠂ ᠭᠡᠳᠤᠷᠭᠡᠢ ᠤᠷᠦ᠋ᠢᠳᠠᠭᠤᠯᠵᠤ ᠥᠷ᠎ᠠ ᠨᠠᠪᠴᠢ ᠨᠢ ᠤᠨᠠᠵᠤ ᠰᠢᠮ᠎ᠠ | ᠲᠠᠵᠢᠭᠡᠯ ᠢᠶᠠᠨ ᠠᠯᠳᠠᠬᠤ ᠠᠴᠠ ᠰᠠᠷᠭᠡᠶᠢᠯᠠᠨ᠎ᠠ᠃ ᠡᠪᠠᠰᠤ ᠪᠠᠨ ᠬᠠᠳᠤᠭᠰᠠᠨ ᠤ ᠲᠠᠷᠠᠭ᠎ᠠ ᠢᠯᠵᠠᠷᠠᠵᠤ ᠰᠦᠢᠳᠤᠭᠡᠳ | ᠮᠠᠯ ᠳᠤ ᠡᠯᠳᠠᠪ ᠵᠥᠢᠯ ᠤᠨ ᠭᠢᠵᠢᠭ ᠭᠡᠮ ᠬᠠᠯᠳᠠᠭᠠᠬᠤ ᠪᠠ ᠠᠵᠤ ᠠᠬᠤᠢ ᠶᠢᠨ ᠬᠤᠭᠢᠷᠠᠯ ᠰᠦᠢᠳᠤᠯ | ᠤᠴᠠᠷᠠᠭᠤᠯᠬᠤ ᠠᠴᠠ ᠪᠤᠯᠭᠤᠮᠵᠢᠯᠠᠨ ᠴᠠᠴᠡᠭ ᠨᠠᠪᠴᠢ ᠲᠠᠢ ᠨᠢ ᠬᠠᠭᠤᠷᠠᠢ ᠪᠠᠷ ᠨᠢ ᠭᠡᠷᠠᠯ ᠰᠠᠯᠭᠢ ᠨᠠᠪᠳᠠᠷᠠᠬᠦ ᠭᠠᠵᠠᠷ | ᠬᠤᠷᠢᠶᠠᠬᠤ ᠶᠢ ᠠᠩᠬᠠᠷᠬᠤ ᠴᠢᠬᠤᠯᠠᠳᠠᠢ᠃ ᠬᠠᠳᠤᠭᠰᠠᠨ ᠡᠪᠠᠰᠤ ᠪᠠᠨ ᠤᠷᠤᠭᠤᠯᠬᠤ ᠠᠴᠠ ᠪᠠᠨ ᠡᠮᠤᠨ᠎ᠠ ᠲᠤᠩᠭᠠᠯᠠᠭ | ᠡᠳᠤᠷ ᠢ ᠰᠤᠩᠭᠤᠨ ᠬᠠᠭᠠᠰ ᠡᠳᠤᠷ ᠭᠢᠷᠢᠳᠠᠢ ᠬᠠᠳᠠᠭᠠᠭᠠᠳ ᠲᠠᠭᠢᠨ ᠵᠢᠵᠢᠭᠯᠡᠨ ᠤᠪᠤᠭᠠᠯᠠᠵᠤ ᠲᠠᠯᠪᠢᠨ᠎ᠠ᠃ | ᠴᠢᠬᠤᠯᠨ ᠲᠠᠢ ᠥᠶ᠎ᠠ ᠳᠤ ᠲᠠᠭᠢᠨ ᠨᠢᠭᠡ ᠤᠳᠠᠭ᠎ᠠ ᠲᠠᠯᠭᠡᠨ ᠬᠠᠳᠠᠭᠠᠵᠤ ᠤᠷᠤᠭᠤᠯᠤᠨ᠎ᠠ᠃ ᠡᠪᠠᠰᠤ ᠪᠠᠨ | ᠤᠷᠤᠭᠤᠯᠬᠤ ᠳᠠᠭᠠᠨ ᠬᠠᠭᠤᠷᠠᠢ ᠥᠨᠳᠤᠷᠭᠡᠭ ᠭᠠᠵᠠᠷ ᠪᠥᠳᠤᠬᠦᠨ ᠤᠪᠤᠭ᠎ᠠ ᠪᠠᠷ ᠬᠤᠷᠢᠶᠠᠬᠤ ᠪᠤᠶᠤ ᠨᠢᠷᠤᠭᠤᠯᠳᠤᠵᠤ | ᠬᠤᠷᠢᠶᠠᠨ᠎ᠠ᠃ | | ᠢᠷᠡᠯᠲᠡ᠄ ︽ᠰᠢᠨ᠎ᠠ ᠮᠠᠯᠴᠢᠳ ᠤᠨ ᠰᠤᠨᠢᠨ︾ | ᠪᠡᠯᠡᠳᠭᠡᠭᠰᠡᠨ ᠨᠢ ᠄ ᠭᠧ ᠲᠣᠸᠠᠨ ᠯᠢᠶᠡᠨ | |