ᠵᠢᠵᠢᠭ ᠰᠠᠵᠢᠭ ᠵᠦᠢᠯᠡᠰ ᠢ ᠦᠯᠦ ᠠᠩᠬᠠᠷᠦᠭ᠌ᠰᠠᠨ ᠠᠴᠠ ᠪᠣᠯᠵᠤ ᠶᠡᠭᠡ ᠡᠪᠡᠳᠴᠢᠨ ᠳᠤ ᠨᠡᠷᠪᠡᠭᠳᠡᠵᠤ ᠮᠡᠳᠡᠨ᠎ᠡ | ᠃ ᠠᠳᠡ ᠡᠮᠴᠢᠯᠡᠭᠡᠨ ᠤ ᠰᠠᠯᠠᠭ᠎ᠠ ᠶᠢᠨ ᠡᠮᠴᠢ ᠶᠢᠨ ᠬᠤᠯᠪᠤᠭᠠᠯᠠᠨ ᠰᠠᠨᠠᠭᠤᠯᠤᠭᠰᠠᠨ ᠨᠠᠨᠳᠢᠨ ᠰᠠᠨᠠᠭᠤᠯᠤᠮᠵᠢ ᠶᠢ | ᠵᠢᠷᠬᠢᠷ᠎ᠡ ᠶᠢᠨ ᠠᠨᠳᠠ ᠨᠠᠷ ᠲᠠᠢ ᠪᠠᠨ ᠬᠤᠪᠢᠶᠠᠯᠴᠠᠶ᠎ᠠ᠃ ᠣᠲᠣ ᠠᠴᠠ ᠪᠠᠨ ᠮᠡᠳᠡᠵᠤ ᠡᠷᠲᠡᠬᠡᠨ ᠠᠴᠠ ᠠᠩᠬᠠᠷᠳᠠᠭ | ᠶᠤᠮ ᠪᠣᠯ ᠲᠠ ᠨᠠᠷ ᠤᠨ ᠠᠵᠠ ᠶᠢᠨ ᠪᠡᠶ᠎ᠡ ᠶᠢᠨ ᠴᠢᠨᠢ ᠡᠷᠡᠭᠦᠯ ᠲᠡᠩᠬᠡᠯᠡᠭᠦᠨ ᠳᠤ ᠶᠡᠬᠡᠬᠡᠨ ᠠᠴᠢ ᠲᠤᠰᠠ ᠪᠣᠯᠬᠤ ᠨᠢ | ᠭᠠᠷᠴᠠᠭ᠎ᠠ ᠦᠭᠡᠢ ᠶᠤᠮ᠃ | ● ᠴᠢᠰᠦᠨ ᠤ ᠡᠪᠡᠳᠴᠢᠨ ᠤ ᠰᠠᠯᠠᠭ᠎ᠠ ᠶᠢᠨ ᠡᠮᠴᠢ᠄ ᠪᠢᠲᠡᠭᠡᠢ ᠦᠷᠬᠦᠯᠵᠢ ᠦᠰᠦ ᠭᠡᠵᠢᠬᠡ ᠪᠠᠨ ᠪᠣᠲᠤ︕ | ● ᠬᠠᠪᠤᠳᠡᠷ ᠡᠪᠡᠳᠴᠢᠨ ᠤ ᠰᠠᠯᠠᠭ᠎ᠠ ᠶᠢᠨ ᠡᠮᠴᠢ᠄ ᠸᠠᠯᠠᠭᠰᠠᠨ ᠢᠳᠡᠭᠡᠨ ᠢ ᠪᠢᠲᠡᠭᠡᠢ ᠢᠳᠡ︕ | ● ᠠᠷᠠᠰᠦᠨ ᠤ ᠰᠠᠯᠠᠭ᠎ᠠ ᠶᠢᠨ ᠡᠮᠴᠢ᠄ ᠨᠠᠷᠠᠨ ᠤ ᠰᠢᠷᠠᠭᠳᠠᠯ ᠢ ᠠᠩᠬᠠᠷᠬᠤ ᠴᠢᠬᠤᠯᠠᠲᠠᠢ︕ | ● ᠵᠢᠷᠦᠬᠡᠨ ᠤ ᠲᠤᠲᠤᠷ ᠰᠠᠯᠠᠭ᠎ᠠ ᠶᠢᠨ ᠡᠮᠴᠢ᠄ ᠬᠢᠮᠦᠷᠠᠭᠰᠠᠨ ᠤ ᠳᠠᠷᠠᠭ᠎ᠠ ᠪᠢᠲᠡᠭᠡᠢ ᠰᠢᠷᠦᠬᠡᠨ ᠬᠦᠳᠡᠯᠭᠡᠭᠡᠨ | ᠬᠢ︕ | ● ᠳᠤᠲᠤᠭᠠᠲᠤ ᠱᠦᠭᠦᠷᠡᠯ ᠤᠨ ᠰᠠᠯᠠᠭ᠎ᠠ ᠶᠢᠨ ᠡᠮᠴᠢ᠄ ᠢᠳᠡᠵᠤ ᠤᠤᠭᠤᠬᠤ ᠠᠵᠢᠯᠯᠠᠵᠤ ᠠᠮᠠᠷᠠᠬᠤ ᠪᠠᠨ | ᠵᠢᠮ᠎ᠡ ᠲᠠᠢ ᠪᠤᠯᠠᠭ᠎ᠠ︕ | ● ᠳᠣᠲᠤᠷ ᠪᠦᠭᠡᠷ᠎ᠡ ᠶᠢᠨ ᠰᠠᠯᠠᠭ᠎ᠠ ᠶᠢᠨ ᠡᠮᠴᠢ᠄ ᠪᠢᠲᠡᠭᠡᠢ ᠰᠢᠭᠡᠰᠤ ᠪᠠᠨ ᠬᠤᠷᠢ︕ | ● ᠨᠢᠲᠦᠨ ᠰᠠᠯᠠᠭ᠎ᠠ ᠶᠢᠨ ᠡᠮᠴᠢ᠄ ᠲᠤᠩᠭᠠᠯᠠᠭ ᠡᠲᠦᠷ ᠭᠡᠰᠡᠨ ᠴᠤ ᠨᠠᠷᠠᠨ ᠰᠢᠯ ᠵᠡᠭᠦ︕ | ● ᠴᠢᠬᠢ ᠬᠠᠮᠠᠷ ᠬᠤᠭᠤᠯᠠᠢ ᠶᠢᠨ ᠰᠠᠯᠠᠭ᠎ᠠ ᠶᠢᠨ ᠡᠮᠴᠢ᠄ ᠲᠡᠷᠬᠡᠨ ᠤ ᠬᠤᠷᠳᠤᠴᠠ ᠲᠦᠷᠭᠡᠨ ᠦᠶ᠎ᠡ ᠳᠤ | ᠪᠢᠲᠡᠭᠡᠢ ᠲᠡᠷᠬᠡᠨ ᠴᠣᠩᠬᠤ ᠪᠠᠨ ᠨᠡᠭᠡᠭᠡ︕ | ● ᠠᠮᠠᠨ ᠬᠦᠨᠳᠡᠢ ᠶᠢᠨ ᠰᠠᠯᠠᠭ᠎ᠠ ᠶᠢᠨ ᠡᠮᠴᠢ᠄ ᠪᠢᠲᠡᠭᠡᠢ ᠰᠢᠲᠦ ᠪᠠᠷ ᠢᠶᠠᠨ ᠫᠢᠸᠤ᠋ ᠶᠢᠨ ᠠᠮᠠᠰᠠᠷ ᠢ ᠨᠡᠭᠡᠭᠡ︕ | ● ᠬᠡᠤᠬᠡᠳ ᠤᠨ ᠰᠠᠯᠠᠭ᠎ᠠ ᠶᠢᠨ ᠡᠮᠴᠢ᠄ ᠨᠢᠯᠬ᠎ᠠ ᠬᠡᠤᠬᠡᠳ ᠲᠤ ᠪᠢᠲᠡᠭᠡᠢ ᠬᠡᠲᠤ ᠡᠷᠲᠡ ᠵᠢᠭᠤᠷᠠᠭᠰᠠᠨ | ᠢᠳᠡᠭᠡᠨ ᠢᠳᠡᠭᠦᠯ︕ | ● ᠶᠠᠰᠦᠨ ᠰᠠᠯᠠᠭ᠎ᠠ ᠶᠢᠨ ᠡᠮᠴᠢ᠄ ᠵᠦᠭᠡᠯᠡᠨ ᠱᠠᠹᠠ ᠳᠡᠭᠡᠷ᠎ᠡ ᠪᠢᠲᠡᠭᠡᠢ ᠦᠷᠭᠦᠯᠵᠢ ᠰᠠᠭᠤ︕ | ● ᠠᠮᠢᠰᠬᠤᠯ ᠤᠨ ᠰᠠᠯᠠᠭ᠎ᠠ ᠶᠢᠨ ᠡᠮᠴᠢ᠄ ᠭᠡᠷ ᠢᠶᠠᠨ ᠪᠢᠲᠡᠭᠡᠢ ᠬᠡᠲᠤ ᠵᠠᠰᠠᠨ ᠴᠢᠮᠡᠭᠯᠡ︕ | ● ᠡᠮᠡᠭᠲᠡᠢ ᠶᠢᠨ ᠰᠠᠯᠠᠭ᠎ᠠ ᠶᠢᠨ ᠡᠮᠴᠢ᠄ ᠵᠣᠴᠢᠳ ᠤᠨ ᠪᠠᠭᠤᠳᠠᠯ ᠤᠨ ᠤᠬᠢᠶᠠᠯᠭ᠎ᠠ ᠶᠢᠨ ᠠᠯᠴᠢᠭᠤᠷ | ᠤᠬᠢᠶᠠᠯᠭ᠎ᠠ ᠶᠢᠨ ᠰᠠᠪᠠ ᠶᠢ ᠪᠢᠲᠡᠬᠡᠢ ᠬᠡᠷᠡᠭᠯᠡ︕ | ● ᠰᠢᠩᠭᠡᠭᠡᠯᠲᠡ ᠶᠢᠨ ᠰᠠᠯᠠᠠᠭᠠ ᠶᠢᠨ ᠡᠮᠴᠢ᠄ ᠪᠢᠲᠡᠬᠡᠢ ᠦᠷᠬᠦᠯᠵᠢ ᠦᠳᠬᠡᠨ ᠴᠠᠢ᠂ ᠦᠳᠭᠡᠨ ᠺᠤᠹᠧ | ᠤᠤᠭᠤ︕ | ● ᠡᠮ ᠨᠠᠶᠢᠷᠠᠯᠭ᠎ᠠ ᠶᠢᠨ ᠡᠮᠴᠢ᠄ ᠲᠠᠭᠰᠢᠭᠤᠷ ᠬᠦᠷᠪᠡᠯ ᠪᠢᠲᠡᠭᠡᠢ ᠤᠯᠠᠨ ᠵᠦᠢᠯ ᠤᠨ ᠡᠮ ᠢ ᠤᠤᠭᠤ︕ | ● ᠰᠢᠭᠡᠰᠤ ᠢᠯᠭᠠᠷᠠᠭᠤᠯᠬᠤ ᠰᠢᠰᠲ᠋ᠧᠮ ᠤᠨ ᠰᠠᠯᠠᠠᠭᠠ ᠶᠢᠨ ᠡᠮᠴᠢ᠄ ᠰᠦᠨᠢ ᠶᠢᠨ ᠬᠤᠭᠤᠯᠠ ᠪᠠ ᠬᠠᠯᠠᠭᠤᠨ | ᠲᠣᠭᠤᠭ᠎ᠠ ᠶᠢ ᠳᠤᠲᠠᠭᠤ ᠢᠳᠡ︕ | ● ᠬᠢᠳᠡᠳ ᠡᠮᠨᠡᠯᠭᠡ ᠶᠢᠨ ᠰᠠᠯᠠᠭ᠎ᠠ ᠶᠢᠨ ᠡᠮᠴᠢ᠄ ᠡᠷᠡᠭᠦᠯᠵᠢᠯ ᠤᠨ ᠪᠣᠳᠠᠰ ᠢ ᠪᠢᠲᠡᠭᠡᠢ ᠲᠤᠷ᠎ᠠ ᠪᠠᠷ ᠢᠳᠡ︕ | ● ᠬᠢᠲᠡᠳ ᠡᠮᠨᠡᠯᠭᠡ ᠶᠢᠨ ᠲᠡᠯᠢᠭᠦᠦ ᠬᠤᠳᠤᠭᠤᠳᠤᠨ ᠤ ᠡᠮᠴᠢ᠄ ᠭᠤᠷᠪᠡᠨ ᠴᠠᠭ ᠤᠨ ᠬᠤᠭᠤᠯᠠ ᠪᠠᠨ ᠵᠢᠮ᠎ᠡ | ᠲᠠᠢ ᠪᠠᠶᠢᠯᠭ᠎ᠠ︕ | ᠡᠭᠦᠨ ᠠᠴᠠ ᠭᠠᠳᠠᠨ᠎ᠠ ᠲᠤᠤᠷᠠᠬᠢ ᠲᠦᠷᠪᠡᠨ ᠵᠦᠢᠯ ᠤᠨ ᠮᠠᠭᠤ ᠲᠠᠳᠬᠠᠯ ᠢᠶᠠᠨ ᠡᠷᠲᠡᠬᠡᠨ ᠬᠠᠯᠠᠭᠠᠷᠡᠢ᠄ ᠪᠠᠭ᠎ᠠ | ᠡᠪᠡᠳᠴᠢᠨ ᠳᠤ ᠲᠤᠷ᠎ᠠ ᠪᠠᠷ ᠡᠮ ᠵᠠᠷᠤᠬᠤ ᠂ ᠬᠦᠳᠡᠯᠬᠦ ᠦᠭᠡᠢ ᠤᠳᠠᠭᠠᠨ ᠰᠠᠭᠤᠬᠤ ᠂ ᠬᠡᠲᠤ ᠨᠠᠷᠢᠯᠢᠭ ᠠᠮᠤ | ᠢᠳᠡᠬᠦ ᠂ | ᠣᠰᠤ ᠪᠠᠭ᠎ᠠ ᠣᠣᠭᠤᠬᠤ᠃ | ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ | ᠪᠡᠯᠡᠳᠭᠡᠭᠰᠡᠨ ᠨᠢ᠄ ᠪᠣᠣ ᠬᠤᠩ ᠯᠢᠶᠠᠩ |