ᠴᠠᠬᠠᠷ ᠪᠠᠷᠠᠭᠤᠨ ᠲᠤᠮᠳᠠᠳᠦ ᠬᠤᠰᠢᠭᠤᠨ ᠤ    ᠲᠦᠮᠡᠨ ᠮᠤ᠋ ᠰᠢᠯᠡᠮᠳᠡᠭ ᠤᠨ ᠴᠡᠴᠡᠭ ᠮᠢᠷᠠᠯᠵᠠᠨ ᠲᠡᠯᠭᠡᠷᠡᠵᠤ    ᠨᠠᠢᠮᠠᠨ ᠵᠥᠭ ᠤᠨ ᠵᠤᠴᠢᠳ ᠢ ᠪᠠᠶᠡᠷᠯᠡ᠊
ᠨᠡᠶᠢᠲᠡᠯᠡᠭᠰᠡᠨ ᠴᠠᠭ᠄
2019-08-02
                          ᠦᠢᠷ᠎ᠠ ᠶᠢᠨ ᠡᠳᠦᠷ᠂ ᠮᠠᠨ ᠤ ᠬᠤᠰᠢᠭᠤᠨ ᠤ ᠠᠯᠳᠠᠨ ᠰᠢᠷᠭᠠᠯ ᠰᠢᠯᠡᠮᠳᠡᠭ ᠤᠨ ᠴᠡᠴᠡᠭ ᠨᠠᠬᠢᠶᠠᠯᠠᠨ ᠲᠡᠯᠭᠡᠷᠡᠵᠤ᠂ ᠨᠠᠢᠮᠠᠨ ᠵᠥᠭ ᠤᠨ ᠵᠢᠭᠤᠯᠴᠢᠳ ᠬᠥᠷᠣᠯᠴᠠᠨ ᠢᠷᠡᠵᠤ ᠰᠢᠯᠡᠮᠳᠡᠭ ᠤᠨ ᠴᠡᠴᠡᠭ ᠢ ᠰᠣᠨᠢᠷᠬᠠᠨ᠎ᠠ᠃

      ᠦᠷᠭᠡᠨ ᠠᠭᠤᠳᠠᠮ ᠲᠠᠷᠢᠶᠠᠨ ᠭᠠᠵᠡᠷ ᠲᠤ᠂ ᠦᠶ᠎ᠡ ᠦᠶ᠎ᠡ ᠰᠡᠩᠭᠢᠨᠡᠬᠦ ᠵᠥᠭᠡᠯᠡᠨ ᠰᠠᠯᠬᠢᠨ ᠳᠤ ᠠᠯᠳᠠᠨ

ᠰᠢᠷᠭᠠᠯ ᠰᠢᠯᠡᠮᠳᠡᠭ ᠤᠨ ᠴᠡᠴᠡᠭ ᠲᠠᠪᠠᠯᠭᠠᠯᠠᠨ ᠨᠠᠶᠢᠭᠤᠵᠤ ᠬᠦᠮᠦᠰ ᠤᠨ ᠰᠡᠳᠬᠢᠯ ᠢ ᠰᠡᠷᠭᠦᠭᠡᠨ ᠲᠠᠭᠠᠰᠢᠶᠠᠯ ᠢ

ᠣᠯᠣᠨ᠎ᠠ᠃ ᠴᠡᠴᠡᠭ ᠤᠨ ᠲᠠᠯᠠᠢ ᠳᠤ ᠱᠤᠮᠪᠠᠨ ᠴᠢᠬᠢᠭᠯᠢᠭ ᠬᠦᠷᠦᠰᠦᠨ ᠤ ᠰᠡᠩᠭᠢᠨᠡᠮ᠎ᠡ ᠦᠨᠦᠷ ᠬᠢᠭᠡᠳ ᠰᠢᠯᠡᠮᠳᠡᠭ

 ᠤᠨ ᠴᠡᠴᠡᠭ ᠤᠨ ᠠᠩᠭᠢᠯᠤᠮ᠎ᠠ ᠦᠨᠦᠷ ᠲᠤ ᠰᠣᠭᠳᠣᠷᠠᠨ᠂ ᠡᠬᠡ ᠪᠠᠶᠢᠭᠠᠯᠢ ᠶᠢᠨ ᠰᠣᠳᠣᠨ ᠰᠠᠶᠢᠬᠠᠨ ᠦᠵᠡᠮᠵᠢ ᠳᠤ

ᠪᠠᠶᠠᠰᠣᠨ ᠵᠢᠷᠭᠠᠨ᠎ᠠ᠃ ᠰᠢᠯᠡᠮᠳᠡᠭ ᠤᠨ ᠴᠡᠴᠡᠭ ᠤᠨ ᠵᠢᠵᠢᠭ ᠮᠥᠬᠦᠯᠢᠭ ᠪᠦᠷᠢ ᠨᠢ ᠨᠠᠷᠠᠨ ᠤ ᠭᠡᠷᠡᠯ ᠳᠤ ᠰᠢᠷᠭᠠᠯᠳᠣᠨ

ᠬᠢᠯᠠᠯᠵᠠᠵᠤ  ᠵᠣᠭᠠᠴᠬᠠᠰᠠᠳ ᠤᠨ ᠬᠠᠷᠠᠭ᠎ᠠ ᠶᠢ ᠪᠠᠶᠠᠰᠬᠠᠭᠰᠠᠨ ᠡᠨᠡᠬᠦ ᠠᠯᠳᠠᠨ ᠬᠤᠷᠤᠮ ᠳᠤ ᠬᠦᠮᠦᠨ ᠪᠦᠬᠦᠨ ᠵᠢᠷᠤᠭ

ᠠᠪᠴᠦ ᠲᠤᠷᠠᠰᠬᠠᠯ ᠦᠯᠡᠳᠡᠭᠡᠨ᠎ᠡ᠃

     ᠡᠨᠡ ᠵᠢᠯ ᠮᠠᠨ ᠤ ᠬᠤᠰᠢᠭᠤ 6.7 ᠲᠦᠮᠡᠨ ᠮᠣ᠋ ᠰᠢᠯᠡᠮᠳᠡᠭ ᠲᠠᠷᠢᠵᠤ᠂ ᠦᠢᠷ᠎ᠠ ᠶᠢᠨ ᠬᠡᠳᠦᠨ ᠡᠳᠦᠷ

ᠵᠠᠯᠭᠠᠭ᠎ᠠ ᠪᠠᠷ ᠬᠤᠸᠠᠷᠯᠠᠨ ᠲᠡᠯᠭᠡᠷᠡᠵᠤ᠂ ᠬᠤᠸᠠᠷ ᠤᠨ ᠠᠩᠭᠢᠯᠣᠮ᠎ᠠ ᠦᠨᠦᠷ ᠠᠴᠠ ᠲᠤᠰᠣᠨ ᠤ ᠰᠠᠶᠢᠬᠠᠨ ᠥᠨᠥᠷ

ᠬᠠᠩᠬᠤᠯᠠᠵᠤ ᠪᠠᠶᠢᠯ᠎ᠠ᠂ ᠰᠢᠯᠡᠮᠳᠡᠭ ᠨᠢ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠭᠦ ᠪᠠᠷ ᠪᠠᠷᠠᠬᠤ ᠦᠬᠡᠢ᠂ ᠭᠤᠸ᠎ᠠ

ᠰᠠᠶᠢᠬᠠᠨ ᠦᠩᠭᠡ ᠦᠵᠡᠮᠵᠢ ᠶᠢ ᠪᠥᠷᠢᠳᠦᠭᠦᠯᠵᠤ᠂  ᠵᠣᠭᠠᠴᠬᠠᠰᠠᠳ ᠤᠨ ᠲᠠᠭᠠᠰᠢᠶᠠᠯ ᠢ ᠤᠯᠵᠤ᠂ ᠲᠠᠷᠢᠶᠠᠯᠠᠩ ᠤᠨ

ᠬᠥᠷᠢᠶᠡᠯᠡᠩ   ᠤᠨ ᠵᠣᠭᠠᠴᠠᠨ ᠰᠣᠨᠢᠷᠬᠠᠬᠤ ᠦᠢᠯᠡᠳᠦᠯ ᠢ ᠪᠠᠳᠠᠷᠠᠭᠤᠯᠵᠤ᠂ ᠬᠦᠳᠡᠭᠡ ᠲᠤᠰᠬᠠᠤᠨ ᠤ ᠵᠤᠭᠠᠴᠠᠯ ᠤᠨ

ᠭᠦᠭᠵᠢᠯᠳᠡ ᠶᠢ ᠤᠯᠠᠮ ᠨᠢᠭᠡ ᠠᠯᠬᠤᠮ ᠠᠬᠢᠭᠤᠯᠣᠨᠨᠰᠠᠨ ᠪᠠᠶᠢᠨ᠎ᠠ᠃

                               ᠣᠷᠴᠢᠭᠤᠯᠣᠨᠨᠴᠢ᠄ ᠭᠧ ᠲᠣᠸᠠᠨ ᠯᠢᠶᠡᠨ

 
ᠢᠷᠡᠯᠲᠡ᠄ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号