| 7 ᠰᠠᠷ᠎ᠠ ᠶᠢᠨ 28 ᠤ ᠡᠳᠦᠷ᠂ ᠥᠪᠥᠷ ᠮᠣᠩᠭᠤᠯ ᠤᠨ ᠡᠳ᠋ ᠤᠨ ᠵᠠᠰᠠᠭ ᠠᠵᠤ ᠠᠬᠤᠢ ᠶᠢᠨ ᠶᠡᠭᠡ | ᠰᠤᠷᠭᠠᠭᠤᠯᠢ ᠪᠣᠯᠤᠨ ᠥᠪᠥᠷ ᠮᠣᠩᠭᠤᠯ ᠤᠨ ᠪᠠᠯᠠ ᠣᠷᠣᠭᠤᠯᠤᠯᠲᠠ ᠶᠢᠨ ᠨᠡᠶᠢᠭᠡᠮᠯᠢᠭ ᠠᠴᠠ ᠬᠠᠮᠲᠤᠷᠠᠨ ᠡᠷᠬᠢᠯᠡᠭᠰᠡᠨ | ᠥᠪᠥᠷ ᠮᠣᠩᠭᠤᠯ ᠤᠨ ᠪᠠᠯᠠ ᠣᠷᠣᠭᠤᠯᠤᠯᠲᠠ ᠶᠢᠨ ᠬᠥᠭᠵᠢᠯᠲᠡ ᠶᠢᠨ ᠬᠤᠷᠡᠯ ᠥᠪᠥᠷ ᠮᠣᠩᠭᠤᠯ ᠤᠨ ᠶᠢᠨ ᠱᠠᠨ | ᠰᠢᠯᠢᠳᠡᠭ ᠪᠣᠭᠤᠳᠡᠢ ᠶᠢᠨ ᠢᠳᠡᠭᠡᠨ ᠤ ᠬᠢᠵᠠᠭᠠᠷᠲᠤ ᠺᠣᠮᠫᠠᠨᠢ ᠳᠤ ᠶᠠᠪᠤᠭᠳᠠᠪᠠ᠂ ᠲᠣᠰ ᠤᠳᠠᠭᠠᠨ ᠤ ᠬᠤᠷᠡᠯ ᠤᠨ | ᠭᠤᠤᠯ ᠰᠡᠳᠦᠪ ᠨᠢ ︽ᠪᠣᠬᠢᠷᠲᠤᠯ ᠥᠬᠡᠶ ᠬᠥᠭᠵᠢᠯᠲᠡ ᠪᠣᠬᠢᠷᠲᠤᠯ ᠥᠬᠡᠶ ᠠᠵᠤ ᠦᠢᠯᠡᠰ ᠤᠨ ᠪᠣᠬᠢᠷᠲᠤᠯ ᠥᠬᠡᠶ | ᠪᠠᠯᠠ ᠣᠷᠣᠭᠤᠯᠤᠯᠲᠠ︾ ᠪᠣᠯᠤᠨ᠎ᠠ᠃ | | | | | ᠥᠪᠦᠷ ᠮᠣᠩᠭᠤᠯ ᠤᠨ ᠡᠳ᠋ ᠤᠨ ᠵᠠᠰᠠᠭ ᠠᠵᠤ ᠠᠬᠤᠢ ᠶᠢᠨ ᠶᠡᠭᠡ ᠰᠤᠷᠭᠠᠭᠤᠯᠢ ᠶᠢᠨ ᠨᠠᠮ ᠤᠨ ᠬᠤᠷᠢᠶᠠᠨ ᠤ | ᠱᠦᠵᠢ ᠶᠠᠩ ᠵᠢᠶᠧ᠂ ᠥᠪᠡᠷᠲᠡᠭᠡᠨ ᠵᠠᠰᠠᠬᠤ ᠣᠷᠣᠨ ᠤ ᠨᠡᠶᠢᠭᠡᠮ ᠤᠨ ᠰᠢᠨᠵᠢᠯᠡᠬᠦ ᠤᠬᠠᠭᠠᠨ ᠤ ᠬᠤᠯᠪᠣᠭᠠᠲᠤ | ᠬᠤᠷᠠᠯ ᠤᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠡᠷᠢᠭᠦᠯᠡᠭᠴᠢ ᠬᠠᠩ ᠱᠤᠸᠠᠨ ᠵᠤ᠋᠂ ᠥᠪᠡᠷᠲᠡᠭᠡᠨ | ᠵᠠᠰᠠᠬᠤ ᠣᠷᠣᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠡᠳ᠋ ᠤᠨ ᠵᠠᠰᠠᠭ ᠠᠵᠤ ᠠᠬᠤᠢ ᠶᠢᠨ | ᠵᠥᠪᠯᠡᠯ ᠤᠨ ᠲᠣᠭᠤᠷᠢᠨ ᠪᠠᠶᠢᠴᠠᠭᠠᠭᠴᠢ ᠾᠧᠦ ᠶᠠᠨ᠂ ᠤᠯᠠᠭᠠᠨᠴᠠᠪ ᠬᠤᠲᠠ ᠶᠢᠨ ᠳᠡᠳ᠋ ᠳᠠᠷᠤᠭ᠎ᠠ ᠸᠠᠩ ᠰᠢᠨ ᠢᠦᠶ᠂ | ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠤᠨ ᠤᠤᠯ ᠤᠨ ᠳᠡᠳ᠋ ᠳᠠᠷᠤᠭ᠎ᠠ᠂ | ᠥᠪᠥᠷ ᠮᠣᠩᠭᠤᠯ ᠤᠨ ᠠᠵᠤ ᠠᠬᠤᠢ ᠶᠢᠨ ᠤᠬᠠᠭᠠᠨ ᠤ ᠨᠡᠶᠢᠭᠡᠮᠯᠢᠭ ᠤᠨ ᠳᠠᠷᠤᠭ᠎ᠠ ᠵᠠᠩ ᠲᠠᠢ ᠫᠢᠩ᠂ ᠤᠯᠠᠭᠠᠨᠴᠠᠪ | ᠬᠤᠲᠠ ᠶᠢᠨ ᠮᠥᠩᠭᠦᠨ ᠭᠦᠢᠯᠭᠡᠭᠡᠨ ᠤ ᠠᠯᠪᠠᠨ ᠭᠡᠷ ᠤᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ | ᠡᠷᠬᠢᠯᠡᠭᠴᠢ ᠶᠠᠩ ᠯᠢ ᠮᠧᠶ᠂ ᠤᠯᠠᠭᠠᠨᠴᠠᠪ ᠬᠤᠲᠠ ᠶᠢᠨ ᠣᠷᠣᠨ ᠪᠦᠰᠡ ᠶᠢᠨ ᠠᠵᠤ ᠠᠬᠤᠢ ᠶᠢᠨ ᠬᠠᠮᠲᠤᠷᠠᠯᠴᠠᠭᠠᠨ ᠤ | ᠲᠣᠪᠴᠢᠶᠠᠨ ᠤ ᠳᠠᠷᠤᠭ᠎ᠠ ᠭᠦᠩ ᠵᠢᠶᠠᠨ᠂ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠵᠠᠰᠠᠭ ᠣᠨ | ᠣᠷᠳᠣᠨ ᠤ ᠬᠤᠰᠢᠭᠤ ᠳᠠᠷᠤᠭ᠎ᠠ ᠭᠤᠤ ᠰᠧᠨ᠂ ᠥᠪᠥᠷ ᠮᠣᠩᠭᠤᠯ ᠤᠨ ᠮᠢᠨ ᠹᠧᠩ ᠦᠷ᠎ᠡ ᠶᠢᠨ ᠦᠢᠯᠡᠰ ᠤᠨ | ᠬᠢᠵᠠᠭᠠᠷᠲᠤ ᠺᠣᠮᠫᠠᠨᠢ ᠶᠢᠨ ᠬᠡᠷᠡᠭ ᠮᠡᠳᠡᠭᠴᠢ ᠶᠢᠨ ᠳᠠᠷᠤᠭ᠎ᠠ ᠯᠦ ᠸᠧᠨ ᠪᠢᠩ᠂ ᠬᠤᠰᠢᠭᠤᠨ ᠤ ᠵᠠᠰᠠᠭ ᠤᠨ ᠣᠷᠳᠣᠨ ᠤ | ᠳᠡᠳ᠋ ᠳᠠᠷᠤᠭ᠎ᠠ ᠭᠦᠸᠧ ᠶᠢᠨ ᠶᠤᠸᠠᠨ᠂ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠹᠦ᠋ | ᠪᠣᠶᠡᠨ ᠬᠤᠷᠡᠯ ᠳᠤ ᠣᠷᠣᠯᠴᠠᠪᠠ ᠃ | | | | | ᠶᠠᠩ ᠵᠢᠶᠧ ᠬᠤᠷᠠᠯ ᠡᠬᠢᠯᠡᠬᠦ ᠦᠭᠡ ᠶᠠᠷᠢᠬᠤ ᠶᠢᠨ ᠬᠠᠮᠳᠣ ᠵᠢᠭᠠᠵᠦ ᠭᠠᠷᠭᠠᠨᠨᠰᠠᠨ ᠨᠢ ᠥᠪᠥᠷ ᠮᠣᠩᠭᠤᠯ ᠤᠨ | ᠪᠠᠯᠠ ᠣᠷᠣᠭᠤᠯᠤᠯᠲᠠ ᠶᠢᠨ ᠬᠥᠭᠵᠢᠯᠲᠡ ᠶᠢᠨ ᠬᠤᠷᠡᠯ ᠨᠢ ᠨᠡᠶᠢᠭᠡᠮ ᠤᠨ ᠡᠯ᠎ᠡ ᠡᠲᠡᠭᠡᠳ ᠤᠨ ᠨᠡᠪᠲᠡᠷᠡᠯᠴᠡᠬᠦ ᠴᠣᠩᠬᠤ | ᠪᠣᠯᠤᠭᠰᠠᠨ ᠤ ᠬᠤᠪᠢ ᠳᠤ᠂ ᠨᠢᠭᠡᠨᠲᠡ ᠪᠠᠯᠠ ᠣᠷᠣᠭᠤᠯᠤᠯᠲᠠ ᠶᠢᠨ ᠬᠦᠷᠢᠶᠡᠨ ᠳᠠᠬᠢ ᠲᠤᠰᠬᠠᠶ ᠮᠡᠷᠭᠡᠵᠢᠯᠲᠡᠨ | ᠡᠷᠳᠡᠮᠲᠡᠳ ᠤᠨ ᠡᠷᠳᠡᠮ ᠰᠢᠨᠵᠢᠯᠡᠭᠡᠨ ᠤ ᠦᠷ᠎ᠡ ᠪᠦᠲᠦᠭᠡᠯ ᠪᠠ ᠦᠵᠡᠯ ᠰᠠᠨᠠᠭᠠᠨ ᠤ ᠣᠶᠤᠨ ᠤᠬᠠᠭᠠᠨ ᠢ | ᠬᠤᠪᠢᠶᠠᠯᠴᠠᠨ ᠡᠳ᠋ᠯᠡᠵᠦ᠂ ᠲᠡᠭᠦᠨ ᠤ ᠥᠪᠡᠷᠮᠢᠴᠡ ᠦᠵᠡᠯᠲᠡ ᠪᠠ ᠲᠤᠷᠰᠢᠯᠭ᠎ᠠ ᠪᠠᠷ ᠲᠣᠯᠢ ᠪᠣᠯᠭᠠᠬᠤ ᠰᠠᠶᠢᠨ | ᠲᠠᠪᠴᠠᠩ ᠪᠣᠯᠵᠤ᠂ ᠬᠤᠭᠤᠴᠠᠭ᠎ᠠ ᠪᠦᠷᠢ ᠶᠢᠨ ᠬᠤᠷᠡᠯ ᠢ ᠠᠮᠵᠢᠯᠲᠠ ᠲᠠᠢ ᠡᠷᠬᠢᠯᠡᠭᠰᠡᠨ ᠨᠢ ᠥᠪᠥᠷ ᠮᠣᠩᠭᠤᠯ ᠤᠨ | ᠠᠵᠤ ᠠᠬᠤᠶ ᠨᠡᠶᠢᠭᠡᠮ ᠤᠨ ᠬᠥᠭᠵᠢᠯᠲᠡ ᠳᠤ ᠴᠢᠬᠤᠯᠠ ᠠᠬᠢᠭᠤᠯᠬᠤ ᠦᠢᠯᠡᠳᠣᠯ ᠦᠵᠡᠭᠦᠯᠦᠭᠰᠡᠨ ᠪᠥᠭᠡᠳ ᠪᠠᠯᠠ | ᠣᠷᠣᠭᠤᠯᠤᠯᠲᠠ ᠶᠢᠨ ᠣᠨᠣᠯ ᠤᠨ ᠰᠤᠳᠤᠯᠭᠠᠨ ᠤ ᠬᠢᠷᠢ ᠲᠦᠪᠰᠢᠨ ᠢ ᠳᠡᠭᠡᠭᠰᠢᠯᠡᠭᠦᠯᠵᠦ᠂ ᠪᠠᠯᠠ ᠣᠷᠣᠭᠤᠯᠤᠯᠲᠠ ᠶᠢᠨ | ᠰᠢᠨᠵᠢᠯᠡᠭᠡᠨ ᠤ ᠬᠥᠭᠵᠢᠯᠲᠡ ᠶᠢ ᠠᠬᠢᠭᠤᠯᠬᠤ ᠳᠤ ᠠᠰᠢᠭᠲᠠᠢ ᠶᠤᠮ ᠭᠡᠵᠡᠶ᠃ | | | | | ᠬᠠᠩ ᠱᠤᠸᠠᠨ ᠵᠦ ︽ᠪᠣᠬᠢᠷᠲᠤᠯ ᠦᠭᠡᠢ ᠬᠥᠭᠵᠢᠯᠲᠡ ᠶᠢᠨ ᠱᠠᠭᠠᠷᠳᠠᠯᠭ᠎ᠠ ᠶᠢᠨ ᠣᠷᠣᠨ ᠵᠠᠶ ᠶᠢᠨ | ᠪᠦᠲᠦᠴᠡ ᠶᠢ ᠪᠦᠷᠢᠯᠳᠦᠭᠦᠯᠬᠦ︾ ᠪᠠᠷ ᠭᠤᠤᠯ ᠵᠣᠷᠢᠯᠲᠠ ᠪᠣᠯᠭᠠᠵᠦ ᠶᠠᠷᠢᠶ᠎ᠠ ᠢᠯᠡᠳᠬᠡᠯ ᠬᠢᠵᠡᠶ᠃ ᠬᠤᠷᠠᠯ ᠳᠤ | ᠣᠷᠣᠯᠴᠠᠭᠰᠠᠨ ᠲᠤᠰᠬᠠᠶ ᠮᠡᠷᠭᠡᠵᠢᠯᠲᠡᠨ ᠡᠷᠳᠡᠮᠲᠡᠳ ᠪᠣᠬᠢᠷᠲᠤᠯ ᠦᠭᠡᠢ ᠬᠥᠭᠵᠢᠯᠲᠡ᠂ ᠥᠪᠥᠷ ᠮᠣᠩᠭᠤᠯ ᠤᠨ ᠪᠡᠯᠡ | ᠣᠷᠣᠭᠤᠯᠤᠯᠲᠠ ᠶᠢᠨ ᠤᠳᠤᠷᠢᠳᠤᠮᠵᠢ ᠵᠡᠷᠭᠡ ᠶᠢᠨ ᠲᠤᠬᠠᠶ ᠭᠤᠤᠯ ᠰᠡᠳᠦᠪᠲᠦ ᠮᠡᠳᠡᠭᠦᠯᠦᠯᠲᠡ ᠬᠢᠪᠡ ᠃ | | | | | ᠬᠤᠷᠠᠯ ᠳᠤ ᠣᠷᠣᠯᠴᠠᠭᠰᠠᠳ ᠪᠠᠰᠠ ᠥᠪᠥᠷ ᠮᠣᠩᠭᠤᠯ ᠤᠨ ᠶᠢᠨ ᠱᠠᠨ ᠰᠢᠯᠢᠳᠡᠭ ᠪᠣᠭᠤᠳᠡᠢ ᠶᠢᠨ ᠢᠳᠡᠭᠡᠨ ᠤ | ᠬᠢᠵᠠᠭᠠᠷᠲᠤ ᠺᠣᠮᠫᠠᠨᠢ ᠶᠢᠨ ᠪᠣᠯᠪᠠᠰᠣᠷᠠᠭᠤᠯᠤᠨ ᠦᠢᠯᠡᠳᠪᠦᠷᠢᠯᠡᠬᠦ ᠲᠠᠰᠤᠭ ᠵᠢᠴᠢ ᠪᠣᠭᠤᠳᠡᠢ ᠶᠢᠨ ᠮᠦᠽᠧᠶ ᠶᠢ | ᠲᠣᠭᠤᠷᠢᠨ ᠦᠵᠡᠭᠰᠡᠨ ᠪᠥᠭᠡᠳ ᠥᠪᠥᠷ ᠮᠣᠩᠭᠤᠯ ᠤᠨ ᠪᠡᠯᠡ ᠣᠷᠣᠭᠤᠯᠤᠯᠲᠠ ᠶᠢᠨ ᠬᠥᠭᠵᠢᠯᠲᠡ ᠶᠢᠨ ᠶᠠᠷᠢᠶᠠᠨ ᠤ | ᠲᠠᠪᠴᠠᠩ ᠤᠨ ᠲᠥᠷᠥᠯ ᠵᠦᠢᠯ ᠢ ᠵᠣᠯᠭᠠᠭᠤᠯᠬᠤ ᠬᠤᠷᠠᠯ ᠢ ᠬᠤᠷᠠᠯᠳᠤᠭᠤᠯᠪᠠ᠃ | | | ᠣᠷᠴᠢᠭᠤᠯᠣᠨᠨᠴᠢ᠄ ᠭᠧ ᠲᠣᠸᠠᠨ ᠯᠢᠶᠡᠨ | | |