| ᠵᠣᠨ ᠤ ᠰᠡᠭᠦᠯᠴᠢ ᠨᠠᠮᠤᠷ ᠤᠨ ᠡᠬᠢ ᠪᠠᠷ᠂ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ | ᠬᠦᠢᠳᠡᠨᠰᠢᠯᠢ ᠲᠠᠯ᠎ᠠ ᠨᠤᠲᠤᠭ ᠤᠨ ᠴᠡᠴᠡᠭ ᠤᠨ ᠳᠠᠯᠠᠢ ᠶᠢᠨ ᠠᠮᠢ ᠠᠬᠤᠢ ᠶᠢᠨ ᠰᠠᠭᠤᠷᠢᠨ ᠭᠠᠵᠡᠷ ᠲᠤ᠂ | ᠦᠵᠡᠰᠬᠦᠯᠡᠩᠲᠦ ᠰᠠᠶᠢᠬᠠᠨ ᠴᠡᠴᠡᠭ ᠤᠨ ᠳᠠᠯᠠᠢ ᠠᠩᠬᠢᠯᠤᠮ᠎ᠠ ᠦᠨᠦᠷ ᠬᠠᠩᠬᠤᠯᠤᠨ᠂ ᠲᠠᠷᠢᠶᠠᠨ ᠭᠠᠵᠠᠷ ᠲᠤ ᠥᠩᠭᠡ | ᠢᠯᠭᠠᠷᠠᠵᠤ᠂ ᠮᠠᠰᠢ ᠣᠯᠠᠨ ᠵᠤᠭᠠᠴᠠᠭᠰᠠᠳ ᠬᠦᠷᠦᠯᠴᠡᠨ ᠢᠷᠡᠵᠦ ᠰᠣᠨᠢᠷᠬᠠᠨ ᠵᠤᠭᠠᠴᠠᠵᠤ ᠪᠠᠶᠢᠯ᠎ᠠ᠃ | | | | | 8 ᠳ᠋ᠤᠭᠠᠷ ᠰᠠᠷ᠎ᠠ ᠳᠤ ᠣᠷᠣᠭᠰᠠᠨ ᠠᠴᠠ ᠨᠠᠰᠢ᠂ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ | ᠬᠦᠢᠳᠡᠨᠰᠢᠯᠢ ᠴᠡᠴᠡᠭ ᠤᠨ ᠳᠠᠯᠠᠢ ᠬᠠᠮᠤᠭ ᠤᠨ ᠰᠠᠶᠢᠨ ᠦᠵᠡᠮᠵᠢ ᠶᠢᠨ ᠬᠤᠭᠤᠴᠠᠭ᠎ᠠ ᠪᠠᠨ ᠤᠭᠲᠤᠨ ᠠᠪᠴᠠᠶ᠃ | ᠴᠡᠴᠡᠭ ᠤᠨ ᠳᠠᠯᠠᠢ ᠳᠣᠲᠣᠷ᠎ᠠ ᠰᠡᠷᠢᠬᠦᠴᠡᠨ ᠠᠯᠬᠤᠬᠤ ᠵᠠᠮ ᠪᠠᠶᠢᠭᠤᠯᠵᠦ᠂᠂ ᠬᠥᠬᠡᠮᠳᠦᠭ ᠠᠭᠤᠯᠠ᠂ ᠬᠥᠬᠡ | ᠣᠭᠲᠠᠷᠭᠤᠶ ᠵᠡᠷᠭᠡ ᠨᠢ ᠰᠠᠶᠢᠨ ᠰᠠᠶᠢᠬᠠᠨ ᠪᠠᠶᠢᠭᠠᠯᠢ ᠶᠢᠨ ᠳᠠᠪᠠᠭᠤᠯᠢᠭ ᠲᠠᠭᠠᠨ ᠲᠦᠰᠢᠭᠯᠡᠵᠦ᠂ ᠬᠦᠢᠳᠡᠨᠰᠢᠯᠢ ᠶᠢᠨ | ᠴᠡᠴᠡᠭ ᠤᠨ ᠳᠠᠯᠠᠢ ᠨᠢ ᠣᠳᠣ ᠨᠢᠭᠡᠨᠲᠡ ᠬᠤᠯᠠ ᠣᠶᠢᠷ᠎ᠡ ᠳᠤ ᠠᠯᠳᠠᠷᠰᠢᠭᠰᠠᠨ ᠴᠡᠴᠡᠭ ᠰᠣᠨᠢᠷᠬᠠᠨ ᠨᠠᠭᠠᠳᠬᠤ ᠭᠠᠵᠠᠷ | ᠪᠣᠯᠵᠠᠶ᠃ | | | | | ᠠᠳᠡ ᠰᠣᠨᠢᠷᠬᠠᠬᠤ ᠪᠠᠷ ᠢᠷᠡᠭᠰᠡᠨ ᠵᠤᠭᠠᠴᠠᠭᠰᠠᠳ ᠠᠴᠠ ᠬᠦᠢᠳᠡᠨᠰᠢᠯᠢ ᠴᠡᠴᠡᠭ ᠤᠨ ᠳᠠᠯᠠᠢ ᠨᠢ ᠬᠥᠮᠦᠰ ᠤᠨ | ᠰᠠᠨᠠᠭᠠᠨ ᠠᠴᠠ ᠭᠠᠳᠠᠭᠤᠷ ᠪᠠᠶᠢᠵᠤ᠂ ᠠᠮᠠᠷᠠᠯᠲᠠ ᠶᠢᠨ ᠬᠤᠭᠤᠴᠠᠭ᠎ᠠ ᠪᠠᠨ ᠠᠰᠢᠨᠨᠯᠠᠨ ᠰᠡᠳᠬᠢᠯ ᠰᠠᠨᠠᠭ᠎ᠠ ᠪᠠᠨ | ᠠᠭᠤᠵᠢᠷᠠᠭᠤᠯᠵᠤ᠂ ᠭᠤᠶᠣ ᠰᠠᠶᠢᠬᠠᠨ ᠦᠩᠭᠡ ᠦᠵᠡᠮᠵᠢ ᠶᠢᠨ ᠣᠷᠣᠨ ᠢ ᠰᠣᠨᠢᠷᠬᠠᠨᠨᠰᠠᠨ ᠪᠠᠶᠢᠨ᠎ᠠ ᠭᠡᠵᠦ ᠢᠯᠡᠳᠭᠡᠪᠡ | ᠃ | | | | | ᠲᠣᠷᠠᠳᠣᠭᠤᠰᠢᠳᠡᠢ ᠵᠦᠢᠯ ᠭᠡᠪᠡᠯ᠂ ᠲᠦᠮᠡᠨ ᠮᠦ ᠶᠢᠨ ᠴᠡᠴᠡᠭ ᠤᠨ ᠳᠠᠯᠠᠢ ᠶᠢᠨ ᠶᠡᠷᠦᠩᠭᠡᠢ ᠲᠦᠯᠦᠪᠯᠡᠭᠡ ᠨᠢ | ᠠᠯᠤᠰ ᠬᠤᠯᠠ ᠶᠢᠨ ᠬᠥᠬᠡᠮᠳᠦᠭ ᠠᠭᠤᠯᠠ᠂ ᠬᠥᠳᠡᠭᠡ ᠲᠣᠰᠬᠤᠨ᠂ ᠲᠠᠯ᠎ᠠ ᠨᠤᠲᠤᠭ ᠲᠠᠢ ᠬᠠᠮᠳᠣ ᠥᠩᠭᠡᠲᠦ ᠵᠢᠷᠤᠭ | ᠲᠦᠷᠰᠦ ᠶᠢ ᠪᠦᠷᠢᠯᠳᠦᠬᠦᠯᠦᠭᠰᠡᠨ ᠪᠠᠶᠢᠨ᠎ᠠ᠃ | ᠬᠦᠢᠳᠡᠨᠰᠢᠯᠢ ᠶᠢᠨ ᠴᠡᠴᠡᠭ ᠤᠨ ᠲᠠᠯᠠᠢ ᠶᠢᠨ ᠬᠠᠷᠢᠭᠤᠴᠠᠯᠭᠠᠲᠠᠨ ᠵᠤᠤ ᠰᠢᠤᠸᠠᠢ ᠹᠠᠩ ᠰᠤᠷᠪᠤᠯᠵᠢᠯᠠᠭᠴᠢ ᠳᠤ | ᠬᠡᠯᠡᠭᠰᠡᠨ ᠨᠢ᠂ ᠬᠦᠢᠳᠡᠨᠰᠢᠯᠢ ᠶᠢᠨ ᠴᠡᠴᠡᠭ ᠤᠨ ᠲᠠᠯᠠᠢ ᠨᠢ 8 ᠰᠠᠷ᠎ᠠ ᠶᠢᠨ 1 ᠤ ᠡᠳᠦᠷ ᠤᠨ ᠴᠡᠴᠡᠷᠯᠢᠭ | ᠨᠡᠭᠡᠭᠡᠭᠳᠡᠭᠰᠡᠨ ᠠᠴᠠ ᠨᠠᠰᠢ᠂ ᠵᠤᠭᠠᠴᠠᠭᠰᠠᠳ ᠦᠨᠳᠦᠰᠦᠨ ᠳᠡᠭᠡᠨ ᠡᠳᠦᠷ ᠪᠦᠷᠢ 5000 ᠣᠷᠴᠢᠮ ᠬᠦᠷᠴᠦ᠂ | ᠭᠠᠷᠠᠭ ᠤᠨ ᠲᠠᠪᠤᠨ᠂ ᠭᠠᠷᠠᠭ ᠤᠨ ᠵᠢᠷᠭᠤᠭᠠᠨ ᠤ ᠣᠶᠶ᠎ᠠ ᠳᠤ ᠲᠦᠮᠡ ᠭᠠᠷᠤᠶ ᠬᠦᠷᠴᠦ᠂ ᠣᠳᠣ ᠴᠡᠴᠡᠭ ᠤᠨ | ᠳᠠᠯᠠᠢ ᠳᠤ 20 ᠭᠠᠷᠤᠶ ᠲᠥᠷᠥᠯ ᠵᠦᠢᠯ ᠪᠠᠶᠢᠨ᠎ᠠ᠂ ᠡᠭᠦᠨ ᠳᠤ ᠴᠠᠰᠣᠨ ᠣᠳᠪᠠᠯᠠ᠂ ᠨᠡᠷᠡᠨ ᠬᠤᠸᠠᠷ ᠵᠡᠷᠭᠡ ᠪᠠᠶᠢᠨ᠎ᠠ | ᠃ | | | | | ᠣᠶᠢᠯᠠᠭᠠᠭᠰᠠᠨ ᠢᠶᠠᠷ᠂ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ ᠬᠦᠢᠳᠡᠨᠰᠢᠯᠢ ᠶᠢᠨ ᠴᠡᠴᠡᠭ ᠤᠨ | ᠳᠠᠯᠠᠢ ᠨᠢ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ ᠴᠢᠬᠢ ᠮᠣᠳᠣᠨ ᠤ ᠲᠠᠷᠢᠶᠠᠴᠢᠨ ᠤ ᠲᠤᠰᠬᠠᠶ | ᠬᠤᠷᠰᠢᠶ᠎ᠠ ᠪᠠ ᠲᠠᠯ᠎ᠠ ᠨᠤᠲᠤᠭ ᠤᠨ ᠳᠠᠪᠠᠭᠤᠯᠢᠭ ᠲᠤ ᠲᠦᠰᠢᠭᠯᠡᠨ᠂ 680 ᠲᠦᠮᠡᠨ ᠲᠥᠭᠦᠷᠢᠭ ᠤᠨ ᠪᠡᠯᠡ | ᠣᠷᠣᠭᠤᠯᠵᠤ᠂ ᠬᠦᠢᠳᠡᠨᠰᠢᠯᠢ ᠶᠢᠨ ᠡᠪᠡᠰᠦᠨ ᠣᠪᠣᠭᠠᠨ ᠤ ᠦᠵᠡᠮᠵᠢ ᠶᠢᠨ ᠣᠷᠣᠨ ᠳᠤ ᠴᠡᠴᠡᠭ ᠤᠨ ᠳᠠᠯᠠᠢ ᠶᠢᠨ | ᠦᠵᠡᠮᠵᠢ ᠶᠢᠨ ᠴᠡᠭ ᠢ ᠪᠠᠶᠢᠭᠤᠯᠵᠦ᠂ 2020 ᠣᠨ ᠳᠤ ᠬᠤᠷᠰᠢᠶ᠎ᠠ ᠳᠠᠬᠢᠨ ᠪᠡᠯᠡ ᠣᠷᠣᠭᠤᠯᠵᠤ 450 ᠮᠦ | ᠨᠡᠭᠦᠳᠡᠯ ᠮᠠᠯᠵᠢᠯ ᠤᠨ ᠲᠠᠯᠠᠪᠠᠢ ᠶᠢᠨ ᠯᠠᠸᠠᠨᠳᠠ ᠶᠢᠨ ᠬᠦᠷᠢᠶᠡᠯᠡᠩ ᠪᠠ ᠰᠠᠷᠭᠠᠶ ᠴᠡᠴᠡᠭ ᠤᠨ ᠬᠦᠷᠢᠶᠡᠯᠡᠩ ᠤᠨ | ᠦᠵᠡᠮᠵᠢ ᠶᠢᠨ ᠴᠡᠭ ᠭᠠᠷᠭᠠᠵᠤ ᠵᠤᠭᠠᠴᠠᠭᠰᠠᠳ ᠲᠤ ᠰᠣᠨᠢᠷᠬᠠᠭᠤᠯᠬᠤ ᠪᠠᠷ ᠲᠥᠯᠥᠪᠯᠡᠵᠦ ᠪᠠᠶᠢᠨ᠎ᠠ᠃ | | | | | ᠡᠨᠡᠬᠦ ᠬᠦ ᠰᠠᠶᠢᠬᠠᠨ ᠮᠦᠴᠡ ᠳᠤ ᠬᠠᠶᠢᠷᠠᠲᠤ ᠬᠥᠮᠦᠨ᠂ ᠭᠡᠷ ᠤᠨ ᠬᠥᠮᠦᠰ᠂ ᠨᠠᠶᠢᠵᠠ ᠨᠥᠬᠦᠳ ᠢᠶᠠᠨ | ᠳᠠᠭᠠᠭᠤᠯᠤᠨ ᠲᠦᠮᠡᠨ ᠮᠦ ᠶᠢᠨ ᠴᠡᠴᠡᠭ ᠤᠨ ᠲᠠᠯᠠᠢ ᠳᠤ ᠬᠦᠷᠴᠦ ᠰᠠᠶᠢᠨ ᠰᠠᠶᠢᠬᠠᠨᠬᠦ᠋ᠰᠡᠯ ᠵᠡᠭᠦᠳᠦ ᠪᠠᠨ | ᠲᠡᠷᠭᠡᠯᠰᠢᠭᠦᠯᠵᠦ᠂ ᠰᠣᠷᠭᠤᠭ ᠴᠡᠴᠡᠭ ᠤᠨ ᠳᠤᠮᠳᠠ ᠠᠮᠢᠳᠤᠷᠠᠯ ᠤᠨ ᠵᠣᠯ ᠵᠢᠷᠭᠠᠯ ᠢ ᠡᠳ᠋ᠯᠡᠶ᠎ᠡ᠃ | | | ᠵᠣᠬᠢᠶ᠋ᠬᠠᠴᠢ᠄ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ | | ᠬᠠᠮ ᠵᠠᠭᠤᠴᠢᠯᠠᠭᠤᠷ ᠤᠨ ᠲᠥᠪ | ᠣᠷᠴᠢᠭᠤᠯᠣᠨᠨᠴᠢ᠄ ᠭᠧ ᠲᠣᠸᠠᠨ ᠯᠢᠶᠡᠨ |