ᠰᠣᠷᠭᠠᠭᠤᠯᠢ ᠶᠢᠨ ᠪᠤᠱᠤᠭ᠎ᠠ ᠶᠢ ᠠᠯᠬᠤᠨ ᠣᠷᠣᠭᠰᠠᠨ ᠠᠩᠬᠠᠨ ᠤ ᠡᠳᠦᠷ
ᠨᠡᠶᠢᠲᠡᠯᠡᠭᠰᠡᠨ ᠴᠠᠭ᠄
2019-09-16
                        ᠰᠢᠨ᠎ᠡ ᠰᠣᠷᠣᠯᠭ᠎ᠠ   ᠶᠢᠨ ᠬᠤᠭᠤᠴᠠᠭ᠎ᠠ ᠡᠬᠢᠯᠡᠵᠣ᠂ ᠪᠤᠭᠴᠣ ᠪᠠᠨ ᠡᠭᠦᠷᠴᠦ ᠰᠣᠷᠭᠠᠭᠤᠯᠢ ᠵᠥᠭ ᠶᠠᠭᠠᠷᠠᠤ ᠠᠯᠬᠤᠬᠤ ᠬᠥᠭᠡᠷᠥᠬᠦᠨ ᠴᠤᠪᠤᠭᠤ ᠬᠡᠥᠬᠡᠳ ᠤᠳ ᠤᠨ ᠪᠠᠷ᠎ᠠ ᠬᠠᠶᠠ ᠦᠭᠡᠢ ᠬᠠᠷᠠᠭᠳᠠᠨ᠎ᠠ᠃ ᠡᠭᠦᠨ ᠤ ᠲᠤᠮᠳᠠᠬᠢ ᠨᠢᠭᠡᠨ ᠪᠤᠯᠤᠭᠰᠠᠨ ᠦᠨᠳᠦᠰᠦᠳᠡᠨ ᠤ ᠬᠡᠤᠬᠡᠳ ᠤᠨ ᠴᠡᠴᠡᠷᠯᠢᠭ ᠤᠨ ᠮᠤᠩᠭᠤᠯ ᠪᠠᠭ᠎ᠠ ᠠᠩᠭᠢ ᠶᠢᠨ ᠬᠡᠣᠬᠡᠳ ᠤᠳ  ᠨᠢ ᠡᠵᠢ ᠠᠪᠤ ᠲᠠᠢ ᠪᠠᠨ ᠬᠠᠮᠳᠦ ᠣᠬᠢᠯᠠᠩᠬᠠᠨ ᠲᠠᠭᠤᠣᠯᠠᠩᠬᠠᠨ ᠰᠣᠷᠭᠠᠭᠤᠯᠢ ᠶᠢᠨ ᠪᠤᠱᠤᠭ᠎ᠠ ᠶᠢ ᠠᠯᠬᠤᠨ᠎ᠠ᠃

     ᠠᠪᠤ ᠡᠵᠢ ᠶᠢᠨ ᠢᠶᠠᠨ ᠲᠡᠷᠭᠡᠳᠡ ᠡᠷᠬᠡᠯᠡᠨ ᠲᠤᠭᠯᠠᠳᠠᠭ ᠡᠩᠭᠦᠷᠡᠢ ᠵᠢᠭᠠᠬᠠᠨ ᠪᠦᠣᠪᠠᠢ ᠪᠠᠶᠢᠭᠰᠠᠨ ᠠᠴᠠ

ᠰᠣᠷᠭᠠᠭᠤᠯᠢ ᠰᠣᠶᠣᠯ ᠤᠨ ᠮᠦᠷ ᠢ ᠬᠥᠭᠡᠭᠡᠭᠰᠡᠨ ᠪᠢᠴᠢᠬᠠᠨ ᠰᠣᠷᠤᠭᠴᠢ ᠪᠤᠯᠬᠤ ᠪᠠᠷ ᠬᠠᠳᠠᠭ ᠪᠠᠷᠢᠨ ᠰᠠᠶᠢᠨ ᠤ

ᠮᠡᠨᠳᠦ ᠲᠠᠢ ᠠᠷᠠᠳ ᠤᠨ ᠰᠣᠷᠭᠠᠭᠤᠯᠢ ᠶᠢᠨ ᠠᠯᠳᠠᠨ ᠪᠤᠱᠤᠭ᠎ᠠ ᠶᠢ ᠠᠯᠬᠤᠨ ᠣᠷᠣᠵᠤ᠂ ᠰᠢᠨ᠎ᠡ ᠰᠣᠷᠣᠯᠭ᠎ᠠ ᠶᠢᠨ

ᠬᠤᠭᠤᠴᠠᠭ᠎ᠠ ᠪᠠᠨ ᠡᠬᠢᠯᠡᠭᠦᠯᠦᠯ᠎ᠡ᠃ ᠴᠠᠬᠠᠷ ᠪᠠᠷᠠᠭᠤᠨ ᠭᠠᠷᠣᠨ ᠲᠤᠮᠳᠠᠳᠦ ᠬᠤᠰᠢᠭᠤᠨ ᠤ ᠦᠨᠳᠦᠰᠦᠳᠡᠨ ᠤ

ᠬᠡᠤᠬᠡᠳ ᠤᠨ ᠴᠡᠴᠡᠷᠯᠢᠭ ᠤᠨ ᠮᠣᠩᠭᠤᠯ ᠪᠠᠭ᠎ᠠ ᠠᠩᠭᠢ ᠶᠢᠨ ᠪᠠᠭᠰᠢ ᠨᠠᠷ ᠴᠦ ᠬᠡᠳᠦᠨ ᠡᠳᠦᠷ  ᠶᠠᠭᠠᠷᠠᠯᠲᠠᠢ

ᠪᠡᠯᠡᠳᠬᠡᠨ᠂ 9 ᠰᠠᠷ᠎ᠠ ᠶᠢᠨ 10  ᠤ ︽ᠪᠠᠭᠰᠢ ᠶᠢᠨ ᠪᠠᠶᠠᠷ ᠤᠨ ᠡᠳᠦᠷ︾ ᠢᠶᠠᠷ᠂ ᠮᠣᠩᠭᠤᠯ ᠭᠤᠶᠣᠯᠠᠯ ᠢᠶᠠᠷ ᠢᠶᠠᠨ

ᠴᠢᠮᠡᠭᠰᠡᠨ ᠪᠢᠴᠢᠬᠠᠨ ᠰᠣᠷᠣᠭᠴᠢᠳ ᠢᠶᠠᠨ ᠠᠶᠠᠭ᠎ᠠ ᠬᠠᠯᠠᠭᠤᠨ ᠴᠠᠢ ᠲᠠᠢ᠂ ᠠᠭᠠᠷᠴᠡ ᠬᠤᠷᠣᠣᠨ ᠢᠶᠠᠷ ᠮᠢᠯᠢᠶᠠᠨ᠂

ᠪᠠᠶᠠᠷ ᠤᠨ ᠮᠢᠰᠢᠶᠡᠲᠦ ᠪᠢᠯᠬᠠᠭᠤᠯᠤᠨ ᠣᠭᠳᠣᠨ ᠠᠪᠤᠯ᠎ᠠ᠃ ᠡᠳᠡᠭᠡᠷ ᠠᠯᠢᠶ᠎ᠠ ᠬᠥᠭᠡᠷᠦᠬᠦᠨ ᠬᠡᠤᠬᠡᠳ ᠤᠳ ᠮᠠᠨᠢ᠂

ᠠᠪᠤ ᠡᠵᠢ ᠲᠠᠢ ᠪᠠᠨ ᠬᠠᠮᠳᠦ ᠦᠪᠡᠷ ᠤᠨ ᠤᠷ᠎ᠠ ᠠᠪᠢᠶᠠᠰ ᠢᠶᠠᠨ ᠬᠠᠷᠠᠭᠤᠯᠤᠨ᠂ ᠬᠠᠷᠢᠯᠴᠠᠨ ᠲᠠᠨᠢᠯᠴᠠᠵᠤ᠂ ︽ᠠ︾

ᠦᠰᠦᠭ ᠢ ᠲᠠᠨᠢᠭᠤᠯᠬᠤ ᠠᠩᠬᠠᠨ ᠤ ᠪᠠᠭᠰᠢ ᠨᠢ ᠴᠣ᠋ ︽ᠴᠠᠭᠠᠨ ᠲᠤᠯᠤᠭᠠᠢ ᠶᠢᠨ ᠲᠠᠭᠤᠤ︾ ᠪᠠᠨ ᠲᠠᠭᠤᠯᠠᠨ

ᠠᠩᠬᠠᠨ ᠤ ᠬᠢᠴᠢᠶᠡᠯ ᠢᠶᠠᠨ ᠡᠬᠢᠯᠡᠭᠦᠯᠦᠭᠰᠡᠨ ᠪᠠᠶᠢᠨ᠎ᠠ᠃

 

   

                            ᠢᠷᠡᠯᠲᠡ᠄  ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ

                                       ᠬᠠᠮ ᠵᠠᠭᠤᠴᠢᠯᠠᠭᠤᠷ ᠤᠨ ᠲᠥᠪ

                             ᠵᠣᠬᠢᠶ᠋ᠬᠠᠴᠢ᠄  ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ

                                       ᠬᠠᠮ ᠵᠠᠭᠤᠴᠢᠯᠠᠭᠤᠷ ᠤᠨ ᠲᠥᠪ

                             ᠬᠠᠷᠢᠭᠤᠴᠬᠠᠰᠠᠨ ᠨᠠᠶᠢᠷᠠᠭᠤᠯᠤᠨᠨᠴᠢ᠄  ᠭᠧ ᠲᠣᠸᠠᠨ ᠯᠢᠶᠡᠨ

 
ᠢᠷᠡᠯᠲᠡ᠄ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号