| ᠴᠠᠬᠠᠷ ᠪᠠᠷᠠᠭᠤᠨ ᠭᠠᠷᠣᠨ ᠳᠤᠮᠳᠠᠳᠤ ᠬᠤᠰᠢᠭᠤ ᠪᠣᠯ ᠤᠯᠠᠭᠠᠨᠴᠠᠪ ᠬᠤᠳᠠ ᠶᠢᠨ ᠳᠣᠮᠳᠠ ᠭᠡᠰᠡᠭ ᠲᠤ᠂ | ᠳᠠᠯᠠᠨ ᠬᠠᠷ᠎ᠠ ᠠᠭᠤᠯᠠ ᠶᠢᠨ ᠰᠠᠯᠠᠭ᠎ᠠ ᠨᠢᠷᠤᠭᠤ- ᠬᠦᠢᠳᠡᠨᠰᠢᠯᠢ ᠶᠢᠨ ᠠᠷᠤ ᠬᠤᠶᠢᠷᠮᠤᠢ ᠳᠤ ᠪᠠᠶᠢᠷᠢᠰᠢᠵᠦ ᠪᠠᠶᠢᠳᠠᠭ | ᠃ ᠭᠠᠵᠠᠷ ᠵᠦᠢ ᠶᠢᠨ ᠪᠠᠶᠢᠷᠢᠰᠢᠯ ᠨᠢ ᠄ ᠤᠮᠠᠷᠠᠳᠣ ᠦᠷᠭᠡᠷᠢᠭ ᠤᠨ41°6′~41°29′24″ ᠂ | ᠵᠡᠭᠦᠨ ᠤᠷᠳᠣᠷᠢᠭ ᠤᠨ111°55′45″~112°49′51″ ᠬᠤᠭᠤᠷᠣᠨᠳᠣ ᠤᠷᠤᠰᠢᠵᠣ ᠪᠠᠶᠢᠳᠠᠭ᠃ | ᠶᠡᠷᠤᠩᠬᠢᠢ ᠲᠠᠯᠠᠪᠠᠢ ᠨᠢ4190.2 ᠲᠡᠭᠰᠢ ᠳᠦᠷᠪᠡᠯᠵᠢᠨ ᠺᠢᠯᠣᠮᠧᠲᠷ ᠪᠠᠶᠢᠵᠦ᠂ ᠨᠡᠶᠢᠶᠢᠰᠡᠯᠡᠯ ᠬᠤᠳᠠ | ᠪᠡᠭᠡᠵᠢᠩ ᠠᠴᠠ390 ᠺᠢᠯᠣᠮᠧᠲᠷ ᠵᠠᠶᠢᠳᠠᠢ᠂ ᠦᠪᠦᠷ ᠮᠤᠩᠭᠤᠯ ᠤᠨ ᠲᠥᠪ ᠬᠦᠬᠡᠬᠤᠳᠠ ᠠᠴᠠ100 ᠺᠢᠯᠣᠮᠧᠲᠷ᠂ | ᠵᠢᠨᠢᠩ ᠠᠴᠠ60 ᠺᠢᠯᠣᠮᠧᠲᠷ ᠵᠠᠶᠢᠳᠠᠢ ᠪᠠᠶᠢᠳᠠᠭ᠃ | ᠤᠶᠢᠷ᠎ᠠ ᠶᠢᠨ ᠵᠢᠯ ᠳᠤ᠂ ᠤᠷᠢᠳ ᠬᠤᠵᠢᠳ ᠵᠢᠨᠢᠩ ᠠᠴᠠ ᠬᠦᠭᠡᠪᠦᠷ᠂ ᠬᠦᠭᠡᠪᠦᠷ— ᠤᠯᠠᠭᠠᠨᠬᠤᠸᠠ ᠬᠦᠷᠬᠦ | ᠬᠤᠶᠠᠳᠣᠭᠠᠷ ᠳᠡᠰ ᠤᠨ ᠵᠠᠰᠠᠮᠠᠯ ᠵᠠᠮ ᠵᠠᠰᠠᠵᠤ᠂ ᠪᠡᠭᠡᠵᠢᠩ —ᠰᠢᠨᠵᠢᠶᠠᠩ ᠬᠦᠷᠬᠦ ᠦᠨᠳᠡᠦᠷ ᠬᠤᠷᠳᠣᠴᠠᠳᠣ ᠵᠠᠰᠠᠮᠠᠯ | ᠵᠠᠮ ᠢ ᠡᠬᠢᠯᠡᠨ ᠵᠠᠰᠠᠵᠤ ᠂ ᠪᠠᠶᠠᠨᠴᠠᠭᠠᠨ— ᠶᠥᠩ ᠲᠠᠢ ᠭᠥᠩ ᠬᠦᠷᠬᠦ ᠦᠨᠳᠤᠷ ᠬᠤᠷᠳᠣᠴᠠᠳᠣ ᠵᠠᠰᠠᠮᠠᠯ ᠵᠠᠮ | ᠪᠤᠯᠤᠨ ᠬᠦᠭᠡᠪᠦᠷ —ᠵᠦᠸᠧᠽᠢ ᠱᠠᠨ ᠬᠦᠷᠬᠦ ᠨᠢᠭᠡᠳᠦᠭᠡᠷ ᠳᠡᠰ ᠤᠨ ᠵᠠᠰᠠᠮᠠᠯ ᠵᠠᠮ ᠵᠡᠷᠭᠡ ᠣᠯᠣᠰ ᠮᠤᠵᠢ ᠶᠢᠨ | ᠳᠡᠰ ᠤᠨ ᠭᠤᠣᠯ ᠱᠤᠭᠤᠮ ᠤᠨ ᠵᠠᠰᠠᠮᠠᠯ ᠵᠠᠮ ᠤᠨ ᠲᠦᠷᠦᠯ ᠵᠦᠢᠯ ᠢ ᠪᠦᠳᠦᠭᠡᠨ ᠪᠠᠶᠢᠭᠤᠯᠪᠠ᠃ | |