ᠪᠠᠶᠢᠭᠠᠯᠢ ᠶᠢᠨ ᠨᠦᠬᠦᠴᠡᠯ
ᠨᠡᠶᠢᠲᠡᠯᠡᠭᠰᠡᠨ ᠴᠠᠭ᠄
2018-02-28
       ᠴᠠᠬᠠᠷ ᠪᠠᠷᠠᠭᠤᠨ ᠭᠠᠷᠣᠨ ᠳᠣᠮᠳᠠᠳᠣ ᠬᠤᠰᠢᠭᠤ ᠪᠣᠯ ᠰᠡᠷᠢᠭᠦᠨ ᠪᠦᠰᠡ ᠡᠬᠡ ᠬᠠᠭᠤᠷᠠᠢ ᠶᠢᠨ ᠴᠢᠨᠠᠷᠲᠠᠢ ᠠᠭᠤᠷ ᠠᠮᠢᠰᠬᠤᠯ ᠳᠤ ᠪᠠᠭᠳᠠᠨ᠎ᠠ᠃ ᠳᠣᠮᠳᠠᠴᠢ ᠳᠠᠯᠠᠢ ᠶᠢᠨ ᠲᠦᠪᠰᠢᠨ1700 ᠮᠧᠲᠷ ᠦᠨᠳᠤᠷ᠂ ᠠᠭᠤᠷ ᠠᠮᠢᠰᠬᠤᠯ ᠭᠠᠩ  ᠬᠠᠭᠤᠷᠠᠢ᠂ ᠡᠪᠦᠯ ᠤᠨ ᠬᠤᠭᠤᠴᠠᠭ᠎ᠠ ᠤᠷᠳᠣ᠂ ᠵᠤᠨ ᠤ ᠤᠯᠠᠷᠢᠯ ᠣᠬᠤᠷ᠂ ᠠᠭᠤᠷ ᠠᠮᠢᠰᠬᠤᠯ ᠰᠡᠷᠢᠬᠦᠨ᠂ ᠡᠳᠦᠷ ᠰᠦᠨᠢ ᠶᠢᠨ ᠳᠤᠯᠠᠭᠠᠨ ᠤ ᠵᠦᠷᠢᠶ᠎ᠠ ᠶᠡᠭᠡ᠂ ᠨᠠᠷᠠᠨ ᠡᠬᠡᠪᠦᠷᠢ ᠬᠠᠩᠭᠠᠮᠵᠢᠳᠠᠢ  ᠂ ᠵᠢᠯ ᠤᠨ ᠳᠤᠮᠳᠠᠴᠢ ᠳᠤᠯᠠᠭᠠᠨ ᠤ ᠬᠡᠮᠵᠢᠶ᠎ᠠ13.℃᠂ ᠪᠦᠬᠦ ᠵᠢᠯ ᠤᠨ ᠬᠢᠷᠠᠭᠤ ᠦᠭᠡᠢ ᠬᠤᠭᠤᠴᠠᠭ᠎ᠠ ᠨᠢ ᠪᠠᠷᠤᠭ90—110 ᠡᠳᠦᠷ ᠪᠠᠶᠢᠳᠠᠭ᠂ ᠪᠦᠬᠦ ᠵᠢᠯ ᠤᠨ ᠬᠤᠷ᠎ᠠ ᠳᠣᠨᠣᠳᠠᠰᠣᠨ ᠤ ᠬᠡᠮᠵᠢᠶ᠎ᠡ ᠨᠢ300  ᠮᠢᠯᠢᠯᠢᠲᠷ ᠤᠷᠴᠢᠮ ᠪᠠᠶᠢᠳᠠᠭ᠃ᠪᠦᠬᠦ ᠬᠤᠰᠢᠭᠤᠨ ᠤ ᠭᠠᠵᠠᠷ ᠰᠢᠷᠦᠢ ᠶᠢᠨ ᠶᠡᠷᠦᠩᠬᠢ ᠲᠠᠯᠠᠪᠠᠢ4190.2 ᠲᠡᠭᠰᠢ ᠲᠦᠷᠪᠡᠯᠵᠢᠨ ᠺᠢᠯᠣᠮᠧᠲᠷ᠂ ᠡᠭᠦᠨ ᠳᠤ ᠳᠣᠪᠣᠷᠴᠠᠭ ᠲᠡᠭᠰᠢ ᠲᠠᠯ᠎ᠠ ᠲᠣᠰ ᠪᠦᠷᠢ ᠪᠦᠬᠦ ᠲᠡᠯᠠᠪᠠᠢ ᠶᠢᠨ42.3%  ᠶᠢ ᠡᠵᠡᠯᠡᠵᠦ᠂ ᠠᠭᠤᠯᠠᠷᠬᠠᠭ ᠭᠠᠵᠠᠷ15.4%  ᠶᠢ ᠡᠵᠡᠯᠠᠨ᠎ᠠ᠃ ᠪᠦᠬᠦ ᠲᠠᠷᠢᠶᠠᠨ ᠭᠠᠵᠠᠷ130 ᠲᠦᠮᠡᠨ ᠮᠦ᠂ ᠤᠰᠤᠯᠠᠵᠦ ᠪᠤᠯᠬᠤ ᠲᠠᠷᠢᠶ᠎ᠠ  37 ᠲᠦᠮᠡᠨ ᠮᠦ ᠪᠠᠶᠢᠨ᠎ᠠ᠃      ᠴᠠᠬᠠᠷ ᠪᠠᠷᠠᠭᠤᠨ ᠭᠠᠷᠣᠨ ᠳᠣᠮᠳᠠᠳᠣ ᠬᠤᠰᠢᠭᠤ  ᠰᠠᠯᠬᠢᠨ ᠡᠨᠧᠷᠭᠢ ᠪᠠᠶᠠᠯᠢᠭ  ᠪᠠᠶᠢᠳᠠᠭ᠂ ᠲᠠᠯᠠᠪᠠᠢ  ᠶᠡᠭᠡ ᠲᠠᠷᠬᠠᠴᠠ ᠨᠢ ᠦᠷᠬᠡᠨ᠂ ᠳᠤᠭᠳᠠᠭᠤᠨ ᠮᠦᠷᠳᠡᠬᠡᠨ ᠦᠷᠬᠦᠯᠵᠢ ᠴᠢᠨᠠᠷ ᠢᠶᠠᠷ ᠰᠠᠶᠢᠨ᠂ ᠪᠦᠬᠦ ᠵᠢᠯ ᠤᠨ ᠰᠠᠯᠬᠢᠯᠠᠬᠤ ᠴᠠᠭ ᠨᠢ ᠤᠷᠳᠤ᠂ ᠡᠪᠳᠡᠯᠭᠡ ᠶᠢᠨ ᠴᠢᠨᠠᠷᠳᠠᠢ ᠶᠡᠭᠡ ᠰᠠᠯᠬᠢ ᠦᠬᠡᠢ ᠵᠡᠷᠭᠡ ᠣᠨᠴᠠᠯᠢᠭ ᠲᠠᠢ᠂ ᠪᠣᠬᠢᠷᠳᠠᠯ ᠦᠬᠡᠢ ︵ ᠴᠠᠬᠢᠯᠭᠠᠨ ᠡᠨᠡᠷᠭᠢ ᠶᠢᠨ︶ ᠨᠡᠭᠡᠭᠡᠯᠳᠠ ᠰᠠᠷᠠᠭᠤᠯ ᠳᠠᠷᠳᠠᠩ ᠢᠷᠡᠬᠡᠳᠦᠢ ᠶᠢᠨ ᠵᠠᠮ ᠲᠠᠢ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号