| ᠠᠴᠢ ᠳᠣᠰᠠ ᠶᠢ ᠪᠤᠳᠤᠬᠤ᠃ ᠴᠠᠶᠢᠯᠭᠠᠨ ᠰᠡᠳᠬᠢᠯ ᠲᠠᠢ ᠬᠥᠮᠥᠨ ᠬᠡᠵᠢᠶᠡᠳᠡ ᠠᠵᠠ ᠵᠢᠷᠭᠠᠯ ᠲᠠᠢ᠂ | ᠠᠴᠢ ᠶᠢ ᠮᠡᠳᠡᠳᠡᠭ ᠬᠥᠮᠥᠨ ᠬᠡᠵᠢᠶᠡᠳᠡ ᠵᠣᠯ ᠵᠢᠷᠭᠠᠯ ᠲᠠᠢ ᠭᠡᠳᠡᠭ᠃ ᠪᠤᠰᠤᠳ ᠤᠨ ᠠᠴᠢ ᠳᠣᠰᠠ ᠶᠢ ᠮᠡᠳᠡᠬᠦ ᠪᠤᠯ | ᠠᠮᠢᠳᠤᠷᠠᠯ ᠤᠨ ᠨᠢᠭᠡ ᠵᠦᠢᠯ ᠤᠨ ᠣᠪᠣᠷ ᠮᠥᠨ᠂ ᠲᠡᠷᠡ ᠨᠢ ᠪᠢᠳᠠᠨ ᠢ ᠠᠮᠢᠳᠤᠷᠠᠯ ᠳᠤ ᠬᠠᠶᠢᠷᠠᠳᠠᠢ ᠬᠦᠰᠡᠯ | ᠮᠦᠷᠦᠬᠡᠳᠦᠯ ᠲᠠᠢ ᠪᠤᠯᠭᠠᠳᠠᠭ᠃ | ᠠᠭᠤᠵᠢᠭᠤ ᠲᠠᠶᠢᠪᠤᠭᠤ ᠪᠠᠶᠢᠬᠤ᠃ ᠬᠦᠮᠦᠨ ᠤ ᠠᠮᠢᠳᠤᠷᠠᠯ ᠶᠡᠷᠦᠨᠢ ᠥᠭᠡᠳᠡ ᠲᠠᠢ ᠤᠷᠤᠭᠤ ᠲᠠᠢ ᠪᠠᠶᠢᠳᠠᠭ᠃ | ᠪᠢᠳᠡ ᠪᠤᠰᠤᠳ ᠢ ᠥᠭᠡᠷᠡᠴᠢᠯᠡᠵᠦ ᠴᠢᠳᠠᠬᠤ ᠦᠬᠡᠢ ᠪᠠᠶᠢᠵᠦ ᠮᠠᠭᠠᠳ᠂ ᠬᠠᠷᠢᠨ ᠥᠪᠡᠷ ᠤᠨ ᠰᠡᠳᠬᠢᠯ ᠰᠠᠨᠠᠭ᠎ᠠ ᠪᠠᠨ | ᠡᠵᠡᠮᠳᠡᠵᠦ ᠰᠣᠷᠬᠤ ᠭᠡᠷᠡᠭᠳᠡᠢ ᠶᠤᠮ᠃ ᠰᠡᠳᠬᠢᠯ ᠰᠠᠨᠠᠭ᠎ᠠ ᠪᠠᠨ ᠠᠭᠤᠵᠢᠭᠤ ᠲᠠᠶᠢᠪᠤᠭᠤᠬᠠᠨ ᠪᠠᠶᠢᠯᠭᠠᠪᠠᠯ ᠰᠠᠶ᠋ᠢ | ᠭᠤᠨᠢᠭ ᠪᠤᠬᠢᠨᠢᠳᠤᠯ ᠲᠠᠨ ᠠᠴᠠ ᠬᠤᠯᠠᠳᠠᠵᠦ ᠪᠠᠶᠢᠳᠠᠭ᠃ | ᠳᠣᠳᠠᠭᠤ ᠠᠳᠠᠭᠠᠷᠬᠠᠬᠤ᠃ ᠠᠮᠢᠳᠤᠷᠠᠯ ᠳᠤ ᠶᠡᠷᠦᠨᠢ ᠣᠯᠠᠩᠬᠢ ᠦᠶ᠎ᠡ ᠳᠤ ᠪᠤᠬᠢᠨᠢᠳᠤᠯ ᠢ ᠥᠪᠡᠷ ᠢᠶᠠᠨ ᠡᠷᠢᠵᠦ᠂ | ᠵᠣᠪᠠᠨᠢᠯ ᠢ ᠥᠪᠡᠷ ᠲᠡᠭᠡᠨ ᠬᠤᠴᠤᠷᠣᠭᠠᠳᠠᠭ᠃ ᠦᠨᠡᠨ ᠳᠡᠭᠡᠨ ᠵᠠᠷᠢᠮ ᠤᠴᠢᠷ ᠶᠠᠪᠤᠳᠠᠯ ᠰᠠᠨᠠᠭᠰᠠᠨ ᠰᠢᠭ᠋ ᠲᠡᠶᠢᠮᠦ | ᠪᠤᠳᠤᠯᠢᠶᠠᠨᠲᠠᠢ ᠪᠢᠰᠢ᠂ ᠭᠡᠪᠡᠴᠦ ᠥᠪᠡᠷ ᠢᠶᠠᠨ ᠬᠡᠲᠦᠷᠬᠡᠢ ᠢᠯᠡᠬᠦᠦ ᠮᠦᠴᠡᠬᠡᠷᠬᠡᠵᠦ ᠠᠳᠠᠭᠠᠷᠬᠠᠬᠰᠠᠨ ᠠᠴᠠ ᠪᠤᠯᠤᠭᠠᠳ | ᠪᠡᠶ᠎ᠡ ᠪᠠᠨ ᠵᠤᠪᠠᠭᠠᠳᠠᠭ ᠶᠤᠮ᠃ | ᠬᠡᠵᠢᠶᠡᠳᠡ ᠦᠪᠡᠷ ᠢᠶᠠᠷ ᠢᠶᠠᠨ ᠪᠠᠶᠢᠬᠤ᠃ ᠠᠮᠵᠢᠯᠳᠠ ᠳᠤ ᠪᠠᠷᠳᠠᠮᠨᠠᠬᠤ ᠦᠭᠡᠢ᠂ ᠢᠯᠠᠬᠳᠠᠯ ᠳᠤ ᠴᠦᠬᠦᠷᠡᠬᠦ | ᠦᠭᠡᠢ ᠪᠠᠶᠢᠬᠤ ᠪᠣᠯ ᠬᠠᠮᠤᠭ ᠤᠨ ᠴᠢᠬᠤᠯᠠ ᠶᠤᠮ᠃ ᠪᠠᠷᠢᠮᠲᠠᠯᠠᠬᠤ ᠶᠢᠨ ᠭᠠᠶᠢᠬᠠᠮᠰᠢᠭ ᠲᠤ ᠢᠲᠡᠭᠡᠬᠦ᠃ ᠬᠠᠮᠤᠭ ᠤᠨ | ᠵᠣᠯ ᠵᠢᠷᠭᠠᠯᠲᠠᠢ ᠠᠮᠢᠳᠣᠷᠠᠯ ᠪᠤᠯ᠂ ᠥᠪᠡᠷ ᠤᠨ ᠪᠠᠷᠢᠮᠲᠠᠯᠠᠯ ᠪᠠ ᠴᠢᠷᠮᠠᠶᠢᠯᠭ᠎ᠠ ᠪᠠᠷ ᠢᠶᠠᠨ ᠰᠠᠨᠠᠭᠰᠠᠨ ᠢᠶᠠᠨ ᠪᠡᠶᠡᠯᠡᠭᠦᠯᠬᠦ | ᠶᠠᠪᠤᠳᠠᠯ ᠪᠣᠯᠣᠨ᠎ᠠ᠃ ᠡᠶᠢᠮᠦ ᠠᠴᠠ ᠬᠠᠮᠢᠭ᠎ᠠ ᠶᠠᠭᠤ ᠬᠢᠵᠦ ᠪᠠᠶᠢᠭᠰᠠᠨ ᠴᠦ ᠰᠠᠨᠠᠭᠰᠠᠨ ᠢᠶᠠᠨ ᠪᠡᠶᠡᠯᠡᠭᠦᠯᠬᠦ ᠶᠢᠨ | ᠲᠥᠯᠥᠭᠡ ᠰᠠᠭᠠᠷᠠᠰᠢ ᠦᠬᠡᠢ ᠵᠤᠷᠢᠭ ᠢᠶᠠᠷ ᠵᠢᠳᠬᠦᠬᠦ ᠯᠠ ᠴᠢᠬᠤᠯᠠ ᠶᠤᠮ᠃ | | ᠪᠡᠯᠡᠳᠭᠡᠭᠰᠡᠨ ᠨᠢ᠄ ᠭᠧ ᠲᠣᠸᠠᠨ ᠯᠢᠶᠡᠨ |