ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤ ᠬᠠᠪᠤᠷ ᠤᠨ ᠤᠯᠠᠷᠢᠯ ᠤᠨ ᠠᠮᠢᠲᠠᠨ ᠤ ᠬᠢᠵᠢᠭ ᠢ ᠰᠡᠷᠭᠡᠶᠢᠯᠡᠬᠦ ᠠᠵᠢᠯ ᠢ ᠠᠬᠢᠭᠤᠯᠵᠤ ᠮᠠᠯ ᠠᠵᠤ ᠠᠬᠤᠶ ᠲᠡᠵᠢᠭᠡᠨ ᠦᠷᠡᠵᠢᠭᠦᠯᠬᠦ ︽ᠠᠮᠤᠷ ᠲᠦᠪᠰᠢᠨ ᠤ ᠲᠣᠤᠷ︾ ᠢ ᠪᠠᠲᠤ ᠴᠣᠭᠴᠠᠯᠠᠨ᠎ᠠ
ᠨᠡᠶᠢᠲᠡᠯᠡᠭᠰᠡᠨ ᠴᠠᠭ᠄
2024/4/10
           ᠣᠳᠣᠬᠠᠨ ᠳᠤ ᠶᠠᠭ ᠡᠯ᠎ᠡ ᠲᠥᠷᠥᠯ ᠤᠨ ᠠᠮᠢᠲᠠᠨ ᠤ ᠬᠢᠵᠢᠭ ᠡᠪᠡᠳᠴᠢᠨ ᠤ ᠢᠳᠡᠪᠬᠢᠲᠦ ᠬᠤᠭᠤᠴᠠᠭ᠎ᠠ ᠪᠠᠶᠢᠵᠤ᠂ ᠮᠠᠯ ᠤᠨ ᠬᠢᠵᠢᠭ ᠡᠪᠡᠳᠴᠢᠨ ᠡᠭᠦᠰᠬᠦ ᠶᠢ ᠰᠡᠷᠭᠡᠶᠢᠯᠡᠬᠦ ᠶᠢᠨ ᠲᠥᠯᠥᠭᠡ᠂ ᠣᠶᠢᠷ᠎ᠠ ᠳᠤ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠮᠠᠯ ᠠᠵᠤ ᠠᠬᠤᠶ ᠮᠠᠯ ᠡᠮᠨᠡᠯᠭᠡ ᠶᠢᠨ ᠶᠡᠷᠦᠩᠬᠡᠶᠢᠯᠡᠭᠰᠡᠨ ᠦᠢᠯᠡᠴᠢᠯᠡᠬᠡᠨ ᠤ ᠲᠥᠪ ᠤᠨ ᠬᠢᠵᠢᠭ ᠰᠡᠷᠭᠡᠶᠢᠯᠡᠬᠦ ᠠᠵᠢᠯᠲᠠᠳ ᠡᠯ᠎ᠡ ᠰᠢᠶᠠᠩ ᠪᠠᠯᠭᠠᠰᠤᠨ ᠳᠤ ᠬᠦᠷᠴᠦ ᠬᠢᠵᠢᠭ ᠰᠡᠷᠭᠡᠶᠢᠯᠡᠬᠦ ᠤᠬᠠᠭᠤᠯᠭ᠎ᠠ ᠪᠠ ᠮᠠᠯ ᠤᠨ ᠲᠠᠷᠢᠯᠭ᠎ᠠ ᠶᠢᠨ ᠠᠵᠢᠯ ᠬᠢᠵᠦ᠂ ᠪᠥᠬᠦ ᠬᠤᠰᠢᠭᠤᠨ ᠤ ᠡᠯ᠎ᠡ ᠲᠥᠷᠥᠯ ᠤᠨ ᠮᠠᠯ ᠤᠨᠤᠭ᠎ᠠ ᠶᠢ ᠠᠯᠢ ᠴᠢᠳᠠᠬᠤ ᠪᠠᠷ  ᠡᠪᠡᠳᠴᠢᠨ ᠠᠴᠠ ᠭᠡᠯᠳᠦᠷᠢᠭᠦᠯᠵᠦ᠂ ᠨᠢᠭᠡ ᠶᠢ ᠴᠦ ᠣᠷᠬᠢᠭᠳᠠᠭᠤᠯᠬᠤ ᠥᠬᠡᠶ᠃

      ᠬᠤᠩ ᠫᠠᠨ ᠰᠢᠶᠠᠩ ᠤᠨ ᠡᠯ ᠳ᠋ᠤᠤ ᠭᠸᠤ ᠶᠡᠭᠡ ᠪᠠᠷᠢᠭᠠᠳᠠ ᠶᠢᠨ ᠪᠠᠭ᠎ᠠ ᠰᠢ ᠬᠤᠤ ᠴᠢᠶᠠᠨ ᠲᠣᠰᠬᠤᠨ ᠤ

ᠠᠷᠠᠳ ᠵᠠᠩ ᠰᠢᠶᠤᠤ ᠴᠢᠩ ᠤᠨ ᠭᠡᠷ ᠲᠤ ᠬᠢᠵᠢᠭ ᠰᠡᠷᠭᠡᠶᠢᠯᠡᠭᠴᠢ ᠠᠮᠠᠪᠴᠢ ᠪᠠ ᠪᠡᠭᠡᠯᠡᠢ ᠵᠡᠭᠦᠵᠦ᠂ ᠲᠠᠷᠢᠶᠠᠴᠢᠨ

ᠡᠷᠦᠬᠡ ᠳᠤ ᠸᠠᠺᠼᠢᠨ ᠤ ᠲᠠᠷᠢᠯᠭ᠎ᠠ ᠶᠢᠨ ᠠᠵᠢᠯ ᠢ ᠡᠮᠬᠢ ᠵᠢᠷᠤᠮ ᠲᠠᠢ ᠪᠠᠷ ᠨᠠᠷᠢᠨ ᠨᠢᠮᠪᠠᠢ ᠬᠢᠬᠦ ᠶᠢᠨ ᠬᠠᠮᠲᠤ

ᠲᠠᠷᠢᠯᠭ᠎ᠠ ᠬᠢᠵᠦ ᠪᠠᠷᠠᠭᠰᠠᠨ ᠤ ᠳᠠᠷᠠᠭ᠎ᠠ ᠰᠠᠶᠢᠲᠤᠷ ᠲᠡᠮᠳᠡᠭᠯᠡᠵᠦ᠂ ᠦᠷᠭᠦᠯᠵᠢᠯᠡᠨ ᠮᠥᠷᠳᠡᠨ ᠪᠠᠶᠢᠴᠠᠭᠠᠬᠤ ᠳᠤ

ᠲᠦᠭᠦᠮ ᠦᠵᠡᠭᠦᠯᠪᠡ᠃

      ᠬᠤᠩ ᠫᠠᠨ ᠰᠢᠶᠠᠩ ᠤᠨ ᠡᠯ ᠳ᠋ᠤᠤ ᠭᠸᠤ ᠶᠡᠭᠡ ᠪᠠᠷᠢᠭᠠᠳᠠ ᠶᠢᠨ  ᠪᠠᠭ᠎ᠠ ᠰᠢ ᠬᠤᠤ ᠴᠢᠶᠠᠨ ᠲᠣᠰᠬᠤᠨ ᠤ

ᠵᠠᠩ ᠰᠢᠶᠤᠤ ᠴᠢᠩ᠄ ︽ᠵᠢᠯ ᠪᠦᠷᠢ ᠶᠢᠨ ᠡᠨᠡ ᠦᠶ᠎ᠡ ᠳᠤ ᠠᠵᠢᠯᠳᠡᠳ ᠮᠠᠨ ᠤ ᠦᠬᠡᠷ ᠬᠤᠨᠢᠨ ᠳᠤ ᠸᠠᠺᠼᠢᠨ ᠤ

ᠲᠠᠷᠢᠯᠭ᠎ᠠ ᠬᠢᠬᠦ ᠪᠠᠷ ᠢᠷᠡᠳᠡᠭ᠂ ᠸᠠᠺᠼᠢᠨ ᠤ ᠲᠠᠷᠢᠯᠭ᠎ᠠ ᠬᠢᠭᠰᠡᠨ ᠤ ᠳᠠᠷᠠᠭ᠎ᠠ ᠡᠪᠡᠳᠴᠢᠯᠡᠬᠦ ᠨᠢ ᠪᠠᠭ᠎ᠠ ᠪᠣᠯᠤᠨ᠎ᠠ᠂

ᠦᠬᠡᠷ᠂ ᠬᠤᠨᠢ ᠡᠷᠡᠬᠦᠯ ᠪᠣᠯ ᠰᠠᠶ᠋ᠢ ᠰᠠᠶᠢᠨ ᠦᠨ᠎ᠡ ᠪᠠᠷ ᠬᠤᠳᠠᠯᠳᠤᠵᠤ᠂ ᠮᠠᠨ ᠤ ᠮᠠᠯᠴᠢᠳ ᠤᠨ ᠠᠮᠢᠳᠤᠷᠠᠯ ᠴᠤ

ᠶᠠᠪᠤᠬᠤ ᠳᠤᠳᠤᠮ ᠰᠠᠶᠢᠵᠢᠷᠠᠬᠤ ᠪᠣᠯᠤᠨ᠎ᠠ︾ ᠭᠡᠵᠦ ᠬᠡᠯᠡᠪᠡ᠃

      ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠮᠠᠯ ᠠᠵᠤ ᠠᠬᠤᠶ ᠮᠠᠯ ᠡᠮᠨᠡᠯᠭᠡ ᠶᠢᠨ

ᠶᠡᠷᠦᠩᠬᠡᠶᠢᠯᠡᠭᠰᠡᠨ ᠦᠢᠯᠡᠴᠢᠯᠡᠬᠡᠨ ᠤ ᠲᠥᠪ ᠪᠠᠰᠠ ᠣᠯᠠᠨ ᠤᠳᠠᠭ᠎ᠠ ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠵᠦ᠂

ᠬᠥᠨᠳᠡᠯᠡᠨ ᠪᠢᠴᠢᠭᠡᠰᠦ ᠨᠠᠭᠠᠬᠤ᠂ ᠤᠬᠠᠭᠤᠯᠭ᠎ᠠ ᠶᠢᠨ ᠮᠠᠲ᠋ᠧᠷᠢᠶᠠᠯ ᠲᠠᠷᠬᠠᠭᠠᠬᠤ ᠵᠡᠷᠭᠡ ᠠᠷᠭ᠎ᠠ ᠮᠠᠶ᠋ᠢᠭ ᠢᠶᠠᠷ

ᠳᠠᠮᠵᠢᠭᠤᠯᠤᠨ᠂ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠨ ᠵᠠᠰᠠᠬᠤ᠂ ᠬᠥᠮᠦᠨ ᠮᠠᠯ ᠳᠤ ᠪᠦᠷ ᠲᠤᠰᠳᠠᠭ

ᠡᠪᠡᠳᠴᠢᠨ ᠢ ᠰᠡᠷᠭᠡᠶᠢᠯᠡᠨ ᠡᠵᠡᠮᠳᠡᠬᠦ ᠵᠡᠷᠭᠡ ᠬᠠᠮᠢᠶ᠎ᠠ ᠪᠥᠬᠦᠶ ᠮᠡᠳᠡᠯᠭᠡ ᠶᠢ ᠤᠬᠠᠭᠤᠯᠪᠠ᠃ ᠬᠢᠵᠢᠭ ᠢ ᠰᠡᠷᠭᠡᠶᠢᠯᠡᠬᠦ

ᠮᠡᠳᠡᠯᠭᠡ ᠶᠢ ᠤᠬᠠᠭᠤᠯᠬᠤ ᠶᠢᠨ ᠬᠠᠮᠲᠤ ᠮᠠᠯ ᠠᠵᠤ ᠠᠬᠤᠶ ᠮᠠᠯ ᠡᠮᠨᠡᠯᠭᠡ ᠶᠢᠨ ᠥᠷᠲᠡᠭᠡᠨ ᠤ ᠠᠵᠢᠯᠲᠠᠳ ᠪᠠᠰᠠ

ᠲᠡᠵᠢᠭᠡᠨ ᠦᠷᠡᠵᠢᠭᠦᠯᠬᠦ ᠲᠠᠯᠠᠪᠠᠢ ᠳᠤ ᠭᠦᠨᠵᠡᠭᠡᠶᠢᠷᠡᠨ᠂ ᠡᠷᠦᠬᠡ ᠶᠢᠨ ᠡᠵᠡᠨ ᠤ ᠲᠥᠭᠡᠷᠢᠭᠳᠡᠯ ᠪᠠ ᠬᠡᠷᠡᠭᠴᠡᠭᠡ ᠶᠢ

ᠬᠦᠯᠢᠴᠡᠩᠭᠦᠶ ᠪᠠᠷ ᠣᠶᠢᠯᠠᠭᠠᠵᠤ᠂ ᠮᠡᠷᠭᠡᠵᠢᠯ ᠤᠨ ᠵᠢᠯᠤᠭᠤᠳᠤᠯᠭ᠎ᠠ ᠬᠠᠩᠭᠠᠪᠠ᠃

      ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠮᠠᠯ ᠠᠵᠤ ᠠᠬᠤᠶ ᠮᠠᠯ ᠡᠮᠨᠡᠯᠭᠡ ᠶᠢᠨ

ᠶᠡᠷᠦᠩᠬᠡᠶᠢᠯᠡᠭᠰᠡᠨ ᠦᠢᠯᠡᠴᠢᠯᠡᠬᠡᠨ ᠤ ᠲᠥᠪ ᠤᠨ ᠡᠷᠬᠢᠯᠡᠭᠴᠢ ᠵᠠᠩ ᠵᠠᠨ ᠸᠧᠨ᠄ ︽ᠮᠠᠨ ᠤ ᠬᠠᠪᠤᠷ ᠤᠨ ᠤᠯᠠᠷᠢᠯ ᠤᠨ

ᠬᠢᠵᠢᠭ ᠢ ᠰᠡᠷᠭᠡᠶᠢᠯᠡᠬᠦ ᠠᠵᠢᠯ 3 ᠰᠠᠷ᠎ᠠ ᠶᠢᠨ 20 ᠤ ᠡᠳᠦᠷ ᠠᠴᠠ ᠡᠬᠢᠯᠡᠵᠦ᠂ ᠬᠤᠶᠠᠷ ᠰᠠᠷ᠎ᠠ ᠶᠢᠨ ᠬᠤᠭᠤᠴᠠᠭ᠎ᠠ

ᠬᠤᠪᠢᠶᠠᠵᠦ᠂ 5 ᠰᠠᠷ᠎ᠠ ᠶᠢᠨ 20 ᠤ ᠡᠳᠦᠷ  ᠲᠠᠭᠤᠰᠣᠨ᠎ᠠ᠂ ᠡᠭᠦᠨ ᠢ ᠲᠦᠷᠪᠡᠨ ᠱᠠᠳᠤ ᠬᠤᠪᠢᠶᠠᠨ᠎ᠠ᠃ ᠨᠢᠭᠡᠳᠦᠭᠡᠷ

ᠱᠠᠲᠤᠨ ᠳᠤ ᠭᠠᠭ᠋ᠠᠶ᠂ ᠦᠬᠡᠷ᠂ ᠬᠤᠨᠢ ᠲᠠᠪᠤᠳᠤᠭᠠᠷ ᠨᠣᠮᠧᠷᠲᠤ ᠡᠪᠡᠳᠴᠢᠨ᠂ ᠵᠢᠭᠦᠷᠲᠡᠨ ᠤ ᠬᠠᠯᠳᠠᠪᠤᠷᠢᠲᠤ

ᠲᠠᠭᠰᠢᠭᠤᠷ ᠲᠤ ᠬᠠᠭᠠᠰ ᠰᠠᠷ᠎ᠠ ᠶᠢᠨ ᠬᠤᠭᠤᠴᠠᠭ᠎ᠠ ᠬᠡᠷᠡᠭᠯᠡᠨ᠎ᠡ᠂ ᠬᠤᠶᠠᠳᠤᠭᠠᠷ ᠱᠠᠲᠤᠨ ᠳᠤ ᠭᠠᠭ᠋ᠠᠶ ᠶᠢᠨ ᠴᠢᠬᠢᠲᠦ

ᠡᠪᠡᠳᠴᠢᠨ᠂ ᠦᠬᠡᠷ ᠤᠨ ᠵᠠᠩᠭᠢᠯᠠᠭᠠᠲᠤ ᠡᠪᠡᠳᠴᠢᠨ᠂ ᠬᠤᠨᠢ ᠢᠮᠠᠭᠠᠨ ᠤ ᠬᠡᠪᠢᠬᠦ ᠡᠪᠡᠳᠴᠢᠨ᠂ ᠲᠠᠬᠢᠶᠠᠨ ᠤ  

ᠬᠢᠵᠢᠭ ᠴᠦ ᠬᠠᠭᠠᠰ ᠰᠠᠷ᠎ᠠ ᠶᠢᠨ ᠬᠤᠭᠤᠴᠠᠭ᠎ᠠ ᠬᠡᠷᠡᠭᠯᠡᠨ᠎ᠡ᠂ ᠭᠤᠷᠪᠠᠳᠤᠭᠠᠷ ᠱᠠᠲᠤᠨ ᠳᠤ ᠭᠠᠭ᠋ᠠᠶ ᠶᠢᠨ ᠬᠢᠵᠢᠭ᠂

ᠬᠤᠨᠢᠨ ᠤ ᠴᠡᠴᠡᠭ ᠡᠪᠡᠳᠴᠢᠨ ᠴᠦ ᠬᠠᠭᠠᠰ ᠰᠠᠷ᠎ᠠ ᠶᠢᠨ ᠬᠤᠭᠤᠴᠠᠭ᠎ᠠ ᠬᠡᠷᠡᠭᠯᠡᠨ᠎ᠡ᠂ ᠳᠥᠷᠪᠡᠳᠦᠭᠡᠷ ᠱᠠᠲᠤᠨ ᠳᠤ

ᠬᠤᠨᠢᠨ ᠤ ᠰᠠᠨ ᠯᠢᠶᠠᠨ ᠡᠪᠡᠳᠴᠢᠨ ᠪᠠ ᠠᠮᠢᠲᠠᠨ ᠤ ᠪᠤᠰᠤᠳ ᠬᠦᠨᠳᠦ ᠶᠡᠭᠡ ᠬᠢᠵᠢᠭ ᠡᠪᠡᠳᠴᠢᠨ ᠢ ᠨᠥᠬᠦᠵᠦ

ᠬᠡᠯᠲᠦᠷᠢᠭᠦᠯᠬᠦ ᠬᠤᠭᠤᠴᠠᠭ᠎ᠠ᠂ 5 ᠰᠠᠷ᠎ᠠ ᠶᠢᠨ 20 ᠤ ᠡᠳᠦᠷ ᠪᠣᠯᠬᠤ ᠳᠤ ᠪᠦᠬᠦᠨ ᠢ ᠲᠠᠭᠤᠰᠬᠠᠨ᠎ᠠ᠂ ᠣᠳᠣ

ᠨᠢᠭᠡᠨᠲᠡ 30% ᠶᠢᠨ ᠠᠵᠢᠯ ᠶᠠᠪᠤᠨᠨᠳᠠᠵᠦ ᠪᠠᠶᠢᠨ᠎ᠠ᠃

     

        ᠰᠤᠷᠪᠤᠯᠵᠢᠯᠠᠭᠴᠢ᠄ ᠵᠠᠩ ᠵᠢᠤᠸᠠᠨ      ᠭᠤᠤ ᠸᠧᠶ

        ᠣᠷᠴᠢᠭᠤᠯᠣᠨᠨᠴᠢ᠄  ᠭᠧ ᠲᠣᠸᠠᠨ ᠯᠢᠶᠡᠨ

   

 
ᠢᠷᠡᠯᠲᠡ᠄ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号