ᠵᠣᠰᠠᠯᠠᠩ ᠤᠨ ᠣᠷᠣᠨ — ᠬᠦᠢᠳᠡᠨᠰᠢᠯᠢ ᠶᠢᠨ ᠲᠠᠯ᠎ᠠ ᠨᠣᠳᠤᠭ
ᠨᠡᠶᠢᠲᠡᠯᠡᠭᠰᠡᠨ ᠴᠠᠭ᠄
2023/7/5
                  ᠬᠦᠢᠳᠡᠨᠰᠢᠯᠢ ᠶᠢᠨ ᠲᠠᠯ᠎ᠠ ᠨᠣᠳᠤᠭ ᠤᠨ ᠦᠵᠡᠮᠵᠢ ᠶᠢᠨ ᠣᠷᠣᠨ — ᠣᠯᠣᠰ ᠤᠨ 4A ᠳᠡᠰ ᠤᠨ ᠵᠢᠭᠤᠯᠴᠢᠯᠠᠯ ᠤᠨ ᠦᠵᠡᠮᠵᠢᠲᠦ ᠣᠷᠣᠨ᠂ ᠥᠪᠥᠷ ᠮᠣᠩᠭᠤᠯ ᠤᠨ ᠤᠯᠠᠭᠠᠨᠴᠠᠪ ᠬᠤᠳᠠ ᠶᠢᠨ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠳᠤ ᠬᠠᠷᠢᠶᠠᠯᠬᠠᠳᠠᠵᠦ᠂ ᠮᠤᠨᠢ ᠠᠭᠤᠯᠠ ᠨᠢᠷᠤᠭᠤ᠂ ᠳᠠᠯᠠᠨ ᠬᠠᠷ᠎ᠠ ᠠᠭᠤᠯᠠ ᠶᠢᠨ ᠵᠡᠭᠦᠨ  ᠪᠡᠶ᠎ᠡ ᠪᠠᠷ ᠪᠠᠶᠢᠷᠢᠯᠠᠵᠦ᠂ ᠦᠵᠡᠮᠵᠢ ᠶᠢᠨ ᠣᠷᠣᠨ ᠤ ᠲᠠᠯᠠᠪᠠᠢ ᠨᠢ 600 ᠲᠡᠭᠰᠢ ᠳᠥᠷᠪᠡᠯᠵᠢᠨ ᠺᠢᠯᠣᠮᠧᠲᠷ᠂ ᠳᠠᠯᠠᠶ ᠶᠢᠨ ᠲᠦᠪᠰᠢᠨ ᠠᠴᠠ ᠳᠤᠮᠳᠠᠴᠢ ᠪᠠᠷ 2100 ᠮᠧᠲᠷ ᠡᠷᠭᠦᠭᠳᠡᠵᠦ᠂ ᠵᠣᠨ ᠤ ᠡᠳᠦᠷ ᠤᠨ ᠳᠤᠮᠳᠠᠴᠢ ᠠᠭᠠᠷ ᠤᠨ ᠳᠤᠯᠠᠭᠠᠨ ᠨᠢ 18℃ ᠪᠠᠶᠢᠵᠤ᠂ ᠮᠠᠰᠢ ᠰᠡᠷᠢᠬᠦᠨ ᠲᠠᠭᠠᠯᠠᠮᠵᠢᠳᠡᠢ ᠪᠠᠶᠢᠵᠦ᠂ ᠡᠯ᠎ᠡ ᠭᠠᠵᠡᠷ ᠤᠨ ᠵᠢᠭᠤᠯᠴᠢᠯᠬᠠᠰᠠᠳ ᠤᠨ ᠠᠳᠡ ᠢᠷᠡᠵᠦ ᠵᠣᠭᠠᠴᠠᠬᠤ ᠲᠡᠷᠢᠬᠦᠨ ᠰᠣᠩᠭᠤᠯᠳᠡ ᠪᠣᠯᠣᠨᠨᠰᠠᠨ ᠪᠠᠶᠢᠨ᠎ᠠ᠃ ᠣᠳᠣᠬᠠᠨ ᠳᠤ᠂ ᠨᠢᠭᠡ ᠵᠢᠯ ᠤᠨ ᠲᠣᠳᠣᠷᠠᠬᠢ ᠡᠷᠡᠬᠦᠯᠵᠢᠯ ᠰᠣᠪᠢᠯᠠᠯᠳᠡ ᠪᠠ ᠵᠣᠰᠠᠯᠠᠩ ᠤᠨ ᠵᠢᠭᠤᠯᠴᠢᠯᠠᠯ ᠤᠨ ᠬᠠᠮᠤᠭ ᠤᠨ ᠰᠠᠶᠢᠨ ᠣᠯᠠᠷᠢᠯ ᠢ ᠣᠨᠨᠳᠣᠨ ᠠᠪᠴᠢᠷᠠᠯ᠎ᠠ᠃  

    ᠵᠣᠨ ᠤ ᠣᠯᠠᠷᠢᠯ ᠳᠤ ᠦᠵᠡᠮᠵᠢ ᠶᠢᠨ ᠣᠷᠣᠨ ᠤ ᠦᠩᠭᠡ ᠦᠵᠡᠮᠵᠢ ᠭᠤᠶᠣ ᠰᠠᠶᠢᠬᠠᠨ᠂ ᠠᠭᠤᠷ ᠠᠮᠢᠰᠬᠤᠯ

ᠴᠡᠪᠡᠷ ᠲᠣᠩᠭᠠᠯᠠᠭ᠂ ᠡᠪᠡᠰᠦ ᠮᠣᠳᠣ ᠢᠨᠨᠴᠦ ᠰᠠᠭᠤᠯᠢᠭ᠂ ᠠᠭᠤᠯᠠ ᠬᠠᠶᠢᠷᠬᠠᠨ ᠰᠦᠨᠳᠡᠷᠯᠡᠨ᠂ ᠰᠣᠷᠭᠤᠭ ᠴᠡᠴᠡᠭ

ᠲᠠᠯ᠎ᠠ ᠳᠦᠭᠦᠷᠡᠩ ᠪᠠᠶᠢᠵᠤ᠂ ᠲᠣᠮᠳᠡᠳᠣ ᠣᠯᠣᠰ ᠤᠨ ᠭᠠᠵᠠᠷ ᠤᠨ ᠲᠥᠷᠬᠦ ᠪᠠᠷ ᠬᠠᠮᠤᠭ ᠤᠨ ᠥᠪᠡᠷᠮᠢᠴᠡ᠂

ᠦᠵᠡᠮᠵᠢ ᠪᠠᠷ ᠬᠠᠮᠤᠭ ᠤᠨ ᠪᠠᠶᠠᠯᠢᠭ ᠲᠠᠯ᠎ᠠ ᠨᠤᠲᠤᠭ  ᠪᠠᠶᠢᠵᠦ᠂ ᠳᠡᠯᠡᠬᠡᠢ ᠳᠡᠭᠡᠷ᠎ᠡ ᠬᠤᠪᠣᠷ ᠪᠠᠶᠢᠳᠠᠭ ᠥᠨᠳᠥᠷ

ᠠᠭᠤᠯᠠ ᠶᠢᠨ ᠨᠤᠭᠤ ᠶᠢᠨ ᠲᠠᠯ᠎ᠠ ᠨᠤᠲᠤᠭ᠂ ᠰᠣᠷᠭᠤᠭ ᠴᠡᠴᠡᠭᠲᠦ ᠲᠠᠯ᠎ᠠ ᠨᠤᠲᠤᠭ ᠲᠤ ᠬᠠᠷᠢᠶᠠᠯᠠᠭᠳᠠᠬᠤ ᠪᠥᠭᠡᠳ

ᠮᠠᠰᠢ ᠪᠦᠷᠢᠨ ᠪᠦᠲᠦᠨ ᠬᠠᠳᠠᠭᠠᠯᠠᠭᠳᠠᠵᠤ ᠪᠠᠶᠢᠭ᠎ᠠ ᠲᠠᠯ᠎ᠠ ᠨᠣᠳᠤᠭ᠂ ᠵᠤᠭᠠᠴᠠᠯ ᠤᠨ ᠡᠬᠢ ᠪᠠᠶᠠᠯᠢᠭ ᠨᠢ ᠣᠨᠴᠠᠭᠠᠢ

ᠪᠠᠶᠢᠵᠤ᠂  ᠳᠤᠮᠳᠠᠳᠤ ᠤᠯᠤᠰ ᠤᠨ ᠲᠠᠯ᠎ᠠ ᠨᠤᠲᠤᠭ ᠤᠨ ᠵᠤᠰᠠᠯᠠᠩ ᠤᠨ ᠬᠤᠲᠠ ᠶᠢᠨ ᠭᠤᠣᠯ ᠪᠣᠯᠬᠤ ᠪᠡᠶᠡᠴᠢᠯᠡᠨ

ᠣᠶᠢᠯᠠᠭᠠᠬᠤ ᠣᠷᠣᠨ ᠪᠣᠯᠤᠨ᠎ᠠ᠂ ᠳᠡᠯᠡᠬᠡᠶ ᠶᠢᠨ ᠭᠤᠷᠪᠠᠨ ᠶᠡᠭᠡ ᠥᠨᠳᠥᠷ ᠠᠭᠤᠯᠠ ᠶᠢᠨ ᠨᠤᠭᠤ ᠶᠢᠨ ᠰᠣᠷᠭᠤᠭ

ᠴᠡᠴᠡᠭᠲᠦ ᠲᠠᠯ᠎ᠠ ᠨᠤᠲᠤᠭ ᠤᠨ ᠨᠢᠭᠡ ᠪᠣᠯᠬᠤ ᠪᠥᠭᠡᠳ ᠨᠡᠶᠢᠰᠯᠡᠯ ᠪᠡᠭᠡᠵᠢᠩ ᠠᠴᠠ ᠬᠠᠮᠤᠭ ᠤᠨ ᠣᠶᠢᠷ᠎ᠠ ᠥᠪᠥᠷ

ᠮᠣᠩᠭᠤᠯ ᠤᠨ ᠲᠠᠯ᠎ᠠ ᠨᠤᠲᠤᠭ ᠪᠣᠯᠤᠨ᠎ᠠ᠃

      ᠵᠣᠰᠠᠯᠠᠩ ᠤᠨ ᠣᠷᠣᠨ ᠬᠦᠢᠳᠡᠨᠰᠢᠯᠢ ᠶᠢᠨ ᠲᠠᠯ᠎ᠠ ᠨᠣᠳᠤᠭ ᠲᠠᠨᠠᠷ ᠢ ᠪᠠᠶᠡᠷᠯᠡᠨ ᠣᠨᠨᠳᠣᠵᠦ ᠪᠠᠶᠢᠨ᠎ᠠ︕

   

 
ᠢᠷᠡᠯᠲᠡ᠄ ᠴᠠᠬᠠᠷ ᠪᠠᠷᠠᠭᠤᠨ ᠭᠠᠷᠣᠨ ᠲᠣᠮᠳᠡᠳᠣ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号