ᠡᠮᠳᠣ ᠤᠷᠭᠤᠮᠠᠯ ᠢ ᠲᠤᠷ᠎ᠠ ᠪᠠᠷ ᠢᠳᠡᠵᠦ ᠪᠤᠯᠳᠠᠭ ᠦᠭᠡᠢ
ᠨᠡᠶᠢᠲᠡᠯᠡᠭᠰᠡᠨ ᠴᠠᠭ᠄
2023/6/16
                         ᠤᠯᠤᠰ ᠣᠷᠣᠨ ᠠᠴᠠ ᠬᠦᠴᠦᠲᠡᠢ ᠠᠷᠭ᠎ᠠ ᠬᠡᠮᠵᠢᠶ᠎ᠡ ᠠᠪᠴᠤ ᠠᠮᠢ ᠠᠬᠤᠢ ᠶᠢ ᠬᠦᠴᠦᠯᠡᠨ ᠬᠠᠮᠠᠭᠠᠯᠠᠵᠤ ᠰᠡᠷᠭᠦᠭᠡᠭᠰᠡᠨ ᠢᠶᠠᠷ ᠠᠮᠢ ᠠᠬᠤᠢ ᠢᠯᠡᠷᠬᠡᠢ ᠰᠡᠷᠭᠦᠵᠦ ᠪᠠᠶᠢᠨ᠎ᠠ᠃ ᠲᠡᠭᠦᠨ ᠤ ᠨᠢᠭᠡ ᠢᠯᠡᠷᠡᠯ ᠨᠢ ᠡᠪᠡᠰᠦ ᠤᠷᠭᠤᠮᠠᠯ ᠤᠨ ᠪᠦᠷᠬᠦᠴᠡ ᠰᠠᠶᠢᠵᠢᠷᠠᠵᠤ ᠪᠠᠶᠢᠭ᠎ᠠ ᠶᠢ ᠪᠢᠳᠠ ᠪᠦᠭᠦᠨ ᠬᠠᠷᠠᠵᠤ ᠪᠠᠶᠢᠨ᠎ᠠ᠃ ᠭᠡᠪᠡᠴᠦ ᠨᠢᠭᠡ ᠦᠵᠡᠭᠳᠡᠯ ᠢ ᠪᠠᠰᠠ ᠳᠤᠷᠠᠳᠤᠨ ᠭᠠᠷᠭᠠᠵᠤ ᠲᠠᠶᠢᠯᠪᠤᠷᠢᠯᠠᠵᠤ ᠤᠬᠠᠭᠤᠯᠬᠤ ᠦᠭᠡᠢ ᠪᠣᠯ ᠪᠣᠯᠬᠤ ᠦᠭᠡᠢ ᠮᠡᠲᠦ᠂ ᠶᠠᠭᠤ ᠪᠤᠢ︖ ᠭᠡᠪᠡᠯ ᠡᠮᠲᠦ ᠤᠷᠭᠤᠮᠠᠯ᠂ ᠥᠭᠡᠷ᠎ᠡ ᠪᠠᠷ ᠬᠡᠯᠡᠪᠡᠯ ᠡᠮ ᠳᠤ ᠣᠷᠣᠳᠠᠭ ᠤᠷᠭᠤᠮᠠᠯ ᠢ ᠵᠠᠷᠢᠮ ᠬᠥᠮᠥᠰ ᠨᠢᠭᠤᠴᠠ ᠪᠠᠷ᠂ ᠡᠷᠦᠢ ᠬᠤᠷᠤᠢ ᠦᠭᠡᠢ ᠮᠠᠯᠲᠠᠵᠤ ᠦᠭᠲᠡᠭᠡᠭᠡᠳ ᠪᠠᠶᠢᠨ᠎ᠠ᠃      ᠲᠡᠭᠡᠭᠦᠯᠡᠷ ᠤᠤᠯ ᠳᠠᠭᠠᠨ ᠮᠠᠨ ᠤ ᠨᠤᠲᠤᠭ ᠤᠨ ᠠᠯᠢ ᠠᠯᠢ ᠤᠷᠭᠤᠮᠠᠯ ᠡᠮ ᠳᠤ ᠣᠷᠣᠳᠠᠭ ᠭᠡᠵᠦ ᠣᠮᠣᠭᠰᠢᠵᠤ ᠬᠥᠭᠡᠷᠳᠡᠭ ᠪᠠᠶᠢᠭᠰᠠᠨ ᠪᠣᠯ ᠤᠳᠤ ᠬᠠᠷᠢᠨ ᠬᠥᠮᠥᠰ ︽ᠨᠢᠭᠤᠵᠤ ᠬᠠᠪᠴᠢᠭᠠᠳ︾ ᠲᠠᠭᠤ ᠦᠭᠡᠢ ᠰᠡᠮᠡᠭᠡᠷ ᠪᠠᠶᠢᠳᠠᠭ ᠪᠣᠯᠵᠠᠢ᠃ ᠤᠴᠢᠷ ᠨᠢ ᠡᠮ ᠳᠤ ᠣᠷᠣᠳᠠᠭ ᠰᠠᠶᠢᠨ ᠶᠠᠭᠤᠮ᠎ᠠ ᠭᠡᠰᠡᠨ ᠢ ᠨᠢ ᠤᠯᠠᠨ ᠬᠥᠮᠥᠨ ᠮᠡᠳᠡᠴᠢᠬᠡᠪᠡᠯ ᠠᠯᠢ ᠨᠢᠭᠡ ᠨᠢ ᠰᠥᠨᠢ ᠪᠠᠷ ᠢᠷᠡᠭᠡᠳ ᠪᠤᠶᠤ ᠠᠯᠢ ᠨᠢᠭᠡ ᠴᠠᠭ ᠢᠶᠠᠷ ᠨᠢ ᠬᠥᠮᠥᠰ ᠢ ᠮᠡᠳᠡᠬᠦ ᠦᠭᠡᠢ ᠪᠠᠶᠢᠬᠤ ᠳᠤᠨᠢ ᠰᠡᠮᠡᠭᠡᠷ ᠦᠨᠳᠦᠰᠦ ᠲᠠᠢ ᠨᠢ ᠦᠭᠲᠡᠭᠡᠵᠦ ᠤᠭ ᠢᠶᠠᠷ ᠨᠢ ᠮᠠᠯᠲᠠᠵᠤ ᠠᠪᠤᠭᠠᠳ ᠶᠠᠪᠤᠴᠢᠬᠠᠭᠰᠠᠨ ᠪᠠᠶᠢᠳᠠᠭ ᠠᠵᠢ᠃ ᠮᠢᠨᠤ ᠦᠵᠡᠬᠦ ᠪᠠᠷ᠂ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠬᠢᠨ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠬᠤ ᠠᠴᠠ ᠭᠠᠳᠠᠨ᠎ᠠ᠂ ᠲᠠᠶᠢᠯᠪᠤᠷᠢᠯᠠᠵᠤ ᠤᠬᠠᠭᠤᠯᠬᠤ ᠠᠵᠢᠯ ᠢ ᠴᠤ ᠰᠠᠶᠢᠲᠤᠷ ᠬᠢᠪᠡᠯ ᠡᠨᠡ ᠦᠵᠡᠭᠳᠡᠯ ᠢ ᠬᠤᠷᠢᠭᠯᠠᠬᠤ ᠳᠤ ᠲᠤᠰᠠᠲᠠᠢ ᠭᠡᠵᠦ ᠪᠤᠳᠤᠵᠦ ᠪᠠᠶᠢᠨ᠎ᠠ᠃       ᠡᠩ ᠲᠡᠷᠢᠭᠦᠨ ᠳᠤ᠂ ᠡᠮ ᠢ ᠶᠠᠮᠠᠷ ᠴᠤ ᠭᠡᠮ ᠦᠭᠡᠢ᠂ ᠤᠴᠢᠷ ᠰᠢᠯᠲᠠᠭᠠᠨ ᠦᠭᠡᠢ ᠪᠣᠯ ᠳᠤᠷ᠎ᠠ ᠪᠠᠷ ᠤᠤᠭᠤᠵᠤ ᠪᠤᠯᠳᠠᠭ ᠦᠭᠡᠢ ᠲᠠᠢ ᠠᠳᠠᠯᠢᠬᠠᠨ᠂ ᠡᠮ ᠳᠤ ᠣᠷᠣᠳᠠᠭ ᠤᠷᠭᠤᠮᠠᠯ ᠢ ᠪᠠᠰᠠ ᠤᠴᠢᠷ ᠰᠢᠯᠲᠠᠭᠠᠨ ᠦᠭᠡᠢ ᠪᠣᠯ ᠳᠤᠷ᠎ᠠ ᠪᠠᠷ ᠢᠳᠡᠵᠦ ᠪᠤᠯᠳᠠᠭ ᠦᠭᠡᠢ ᠶᠤᠮ᠃ ᠲᠤᠬᠠᠶᠢᠯᠠᠪᠠᠯ᠂ ᠮᠠᠨ ᠤ ᠨᠤᠲᠤᠭ ᠲᠤ ᠰᠢᠬᠢᠷ ᠡᠪᠡᠰᠦ ᠤᠷᠭᠤᠳᠠᠭ᠂ ᠭᠡᠪᠡᠴᠦ ᠨᠤᠲᠤᠭ ᠤᠨ ᠬᠥᠮᠥᠰ ᠰᠢᠬᠢᠷ ᠡᠪᠡᠰᠦ ᠶᠢ ᠡᠮ ᠳᠤ ᠣᠷᠣᠳᠠᠭ ᠭᠡᠳ ᠶᠡᠷᠦ ᠠᠴᠠ ᠡᠷᠦᠢ ᠬᠤᠷᠤᠢ ᠦᠭᠡᠢ᠂ ᠳᠤᠷ᠎ᠠ ᠪᠠᠷ ᠬᠡᠷᠡᠭᠯᠡᠳᠡᠭ ᠦᠭᠡᠢ ᠶᠤᠮ᠂ ᠰᠢᠳᠤ ᠬᠠᠪᠤᠩᠨᠠᠵᠤ ᠬᠥᠭᠡᠷᠬᠦ᠂ ᠡᠰᠡᠪᠡᠯ ᠢᠰᠢᠭᠡ ᠬᠤᠷᠠᠭ᠎ᠠ ᠠᠮᠠᠷᠠᠤᠲᠤᠵᠤ ᠬᠠᠯᠠᠭᠤᠳᠠᠬᠤ ᠦᠶᠡᠰ ᠰᠠᠶ᠋ᠢ ᠰᠢᠬᠢᠷ ᠡᠪᠡᠰᠦ ᠶᠢ ᠤᠰᠤᠨ ᠳᠤ ᠴᠢᠨᠠᠵᠤ ᠪᠤᠴᠠᠯᠭᠠᠭᠠᠳ ᠰᠥᠮᠥᠰᠤ ᠶᠢ ᠨᠢ ᠤᠤᠭᠤᠵᠤ ᠤᠰᠤᠯᠠᠵᠤ ᠬᠠᠯᠠᠭᠤᠨ ᠢ ᠨᠢ ᠲᠠᠭᠤᠳᠠᠭ ᠪᠢᠯᠡ᠃ ᠬᠡᠷᠪᠡ ᠡᠷᠡᠭᠦᠯ ᠬᠥᠮᠥᠨ ᠶᠠᠮᠠᠷ ᠴᠤ ᠤᠴᠢᠷ ᠰᠢᠯᠲᠠᠭᠠᠨ ᠦᠭᠡᠢ ᠪᠠᠷ ᠰᠢᠬᠢᠷ ᠡᠪᠡᠰᠦ ᠶᠢ ᠬᠡᠷᠡᠭᠯᠡᠪᠡᠯ ᠭᠡᠳᠡᠷᠭᠦ ᠴᠠᠭᠠᠨ ᠮᠢᠬ᠎ᠠ ᠭᠠᠷᠬᠤ᠂ ᠪᠡᠶ᠎ᠡ ᠰᠡᠷᠢᠭᠦᠳᠡᠬᠦ ᠮᠡᠲᠦ ᠬᠡᠪ ᠤᠨ ᠪᠤᠰᠤ ᠢᠯᠡᠷᠡᠯ ᠲᠠᠢ ᠪᠣᠯᠵᠤ ᠡᠪᠡᠳᠴᠢᠨ ᠣᠯᠬᠤ ᠳᠤ ᠬᠦᠷᠬᠦ ᠪᠣᠯᠣᠨ᠎ᠠ᠃ ᠭᠡᠲᠡᠯ᠎ᠡ ᠤᠳᠤ ᠨᠡᠶᠢᠭᠡᠮ ᠳᠡᠭᠡᠷ᠎ᠡ ᠵᠠᠷᠢᠮ ᠬᠤᠭᠤᠯᠠᠨ ᠭᠡᠷ ᠬᠠᠯᠠᠭᠤᠨ ᠲᠣᠭᠤᠭ᠎ᠠ᠂ ᠬᠤᠭᠤᠯᠠ ᠪᠤᠳᠠᠭ᠎ᠠ ᠳᠣᠲᠣᠷ᠎ᠠ ᠪᠠᠨ ᠣᠷᠬᠤᠳᠠᠢ᠂ ᠬᠤᠨᠴᠢᠷ ᠵᠡᠷᠭᠡ ᠡᠮ ᠳᠤ ᠣᠷᠣᠳᠠᠭ ᠤᠷᠭᠤᠮᠠᠯ ᠢ ᠬᠢᠴᠢᠬᠡᠭᠰᠡᠨ ᠪᠠᠶᠢᠬᠤ ᠬᠠᠷᠠᠭᠳᠠᠳᠠᠭ ᠪᠥᠭᠡᠳ ᠲᠠᠮᠢᠷ ᠨᠥᠬᠦᠵᠦ ᠪᠡᠶ᠎ᠡ ᠰᠠᠶᠢᠵᠢᠷᠠᠭᠤᠯᠤᠨ᠎ᠠ᠂ ᠰᠢᠮ᠎ᠡ ᠲᠡᠵᠢᠭᠡᠯ ᠲᠠᠢ ᠭᠡᠵᠦ ᠦᠯᠢᠶᠡᠵᠦ ᠬᠥᠭᠡᠷᠴᠦ ᠪᠠᠶᠢᠳᠠᠭ᠃ ᠦᠨᠡᠨ ᠳᠡᠭᠡᠨ ᠪᠡᠶ᠎ᠡ ᠲᠠᠮᠢᠷ ᠲᠤᠷᠤᠢ ᠬᠥᠮᠥᠨ ᠢᠳᠡᠬᠦ ᠳᠤ ᠰᠠᠶᠢᠨ ᠪᠠᠶᠢᠵᠤ ᠮᠠᠭᠠᠳ ᠦᠭᠡᠢ᠂ ᠭᠡᠪᠡᠴᠦ ᠡᠷᠡᠭᠦᠯ ᠬᠥᠮᠥᠨ ᠪᠠᠶᠢᠩᠭᠤ ᠤᠯᠠᠨ ᠢᠳᠡᠬᠦ ᠶᠤᠮ ᠪᠣᠯ ᠪᠡᠶ᠎ᠡ ᠶᠢ ᠲᠡᠩᠬᠡᠷᠡᠭᠦᠯᠬᠦ ᠪᠢᠰᠢ᠂ ᠬᠠᠷᠢᠨ ᠭᠡᠳᠡᠷᠭᠦ ᠪᠡᠶ᠎ᠡ ᠶᠢᠨ ᠲᠡᠩᠴᠡᠭᠦᠷᠢ ᠶᠢ ᠡᠪᠳᠡᠵᠦ᠂ ᠬᠤᠣᠷ ᠪᠣᠯᠬᠤ ᠳᠤ ᠭᠦᠷᠦᠨ᠎ᠠ᠃ ᠤᠴᠢᠷ ᠨᠢ᠂ ᠡᠪᠡᠳᠴᠢᠨ ᠣᠷᠣᠯ᠎ᠠ ᠭᠡᠰᠡᠨ ᠨᠢ ᠪᠡᠶ᠎ᠡ ᠰᠡᠷᠢᠭᠦᠳᠡᠬᠦ ᠶᠤᠮ ᠤᠤ᠂ ᠲᠠᠮᠢᠷ ᠳᠣᠷᠦ᠋ᠢᠲᠠᠬᠤ ᠭᠡᠬᠦ ᠮᠡᠲᠦ ᠪᠠᠷ ᠪᠡᠶ᠎ᠡ ᠶᠢᠨ ᠶᠠᠮᠠᠷ ᠨᠢᠭᠡᠨ ᠲᠡᠩᠴᠡᠭᠦᠷᠢ ᠨᠢ ᠠᠯᠳᠠᠭᠳᠠᠪᠠ ᠭᠡᠰᠡᠨ ᠦᠭᠡ ᠪᠣᠯᠬᠤ ᠪᠥᠭᠡᠳ ᠡᠮ ᠤᠤᠭᠤᠵᠤ ᠡᠪᠡᠳᠴᠢᠨ ᠢᠶᠠᠨ ᠡᠳᠡᠭᠡᠭᠡᠨ᠎ᠡ ᠭᠡᠰᠡᠨ ᠨᠢ ᠡᠮ ᠢᠶᠠᠷ ᠡᠨᠡ ᠬᠦ ᠲᠡᠩᠴᠡᠭᠦᠷᠢ ᠶᠢ ᠰᠡᠷᠭᠦᠭᠡᠵᠦ ᠲᠡᠭᠰᠢᠯᠡᠵᠦ ᠪᠠᠶᠢᠭ᠎ᠠ ᠶᠠᠪᠤᠳᠠᠯ ᠪᠢᠯᠡ᠃      ᠲᠠᠷᠠᠭᠠᠯᠠᠪᠠᠯ᠂ ᠡᠮ ᠳᠤ ᠣᠷᠣᠳᠠᠭ ᠤᠷᠭᠤᠮᠠᠯ ᠢ ᠬᠠᠮᠢᠶ᠎ᠠ ᠨᠠᠮᠢᠶ᠎ᠠ ᠦᠭᠡᠢ ᠲᠡᠭᠦᠳᠡᠭ ᠦᠭᠡᠢ ᠶᠤᠮ᠃ ᠵᠠᠷᠢᠮ ᠤᠷᠭᠤᠮᠠᠯ ᠤᠨ ᠦᠷ᠎ᠡ ᠨᠢ ᠡᠮ ᠳᠤ ᠣᠷᠣᠳᠠᠭ ᠪᠣᠯ ᠵᠠᠷᠢᠮ ᠤᠷᠭᠤᠮᠠᠯ ᠤᠨ ᠡᠰᠢ ᠨᠢ ᠡᠮ ᠤᠨ ᠣᠷᠣᠨ᠎ᠠ᠂ ᠵᠠᠷᠢᠮ ᠤᠷᠭᠤᠮᠠᠯ ᠤᠨ ᠦᠨᠳᠦᠰᠦ ᠨᠢ ᠡᠮ ᠳᠤ ᠣᠷᠣᠨ᠎ᠠ᠂ ᠥᠭᠡᠷ᠎ᠡ ᠪᠠᠷ ᠬᠡᠯᠡᠪᠡᠯ ᠶᠠᠭᠤ ᠨᠢ ᠡᠮ ᠳᠤ ᠣᠷᠣᠳᠠᠭ ᠭᠡᠰᠡᠨ ᠠᠰᠠᠭᠤᠳᠠᠯ ᠪᠤᠢ᠃ ᠬᠡᠷᠪᠡ ᠦᠷ᠎ᠡ ᠨᠢ ᠡᠮ ᠳᠤ ᠣᠷᠣᠳᠠᠭ ᠤᠷᠭᠤᠮᠠᠯ ᠢ ᠬᠥᠷᠥᠰᠥᠨ ᠠᠴᠠ ᠤᠷᠭᠤᠵᠤ ᠭᠠᠷᠤᠭᠠᠳ ᠳᠡᠮᠡᠢ ᠤᠳᠠᠭ᠎ᠠ ᠦᠭᠡᠢ ᠪᠠᠶᠢᠬᠤ ᠳᠤᠨᠢ ᠦᠨᠳᠦᠰᠦ ᠲᠠᠢ ᠨᠢ ᠦᠭᠲᠡᠭᠡᠭᠡᠳ ᠠᠪᠴᠢᠬᠠᠬᠤ ᠶᠤᠮ ᠪᠣᠯ ᠡᠨᠡ ᠨᠢ ᠶᠠᠮᠠᠷ ᠬᠡᠷᠡᠭ ᠪᠣᠯᠬᠤ ᠪᠢᠯᠡ⁈      ᠲᠠᠭᠢᠭᠠᠳ ᠬᠡᠯᠡᠪᠡᠯ᠂ ᠶᠠᠮᠠᠷ ᠴᠠᠭ ᠤᠯᠠᠷᠢᠯ ᠳᠤ ᠲᠡᠭᠦᠬᠦ ᠪᠣᠯᠬᠤ ᠭᠡᠰᠡᠨ ᠠᠰᠠᠭᠤᠳᠠᠯ ᠪᠤᠢ᠂ ᠪᠠᠰᠠ ᠥᠯᠭᠡ ᠡᠭᠡᠪᠦᠷ ᠭᠠᠵᠠᠷ ᠠᠴᠠ ᠲᠡᠭᠦᠬᠦ ᠤᠤ᠂ ᠠᠭᠤᠯᠠᠨ ᠤ ᠠᠷᠤ ᠰᠡᠭᠦᠳᠡᠷ ᠭᠠᠵᠠᠷ ᠠᠴᠠ ᠲᠡᠭᠦᠬᠦ ᠤᠤ᠂ ᠲᠡᠭᠦᠭᠰᠡᠨ ᠤ ᠲᠠᠷᠠᠭ᠎ᠠ ᠨᠠᠷᠠ ᠲᠤᠰᠬᠤ ᠦᠭᠡᠢ ᠰᠡᠭᠦᠳᠡᠷ ᠭᠠᠵᠠᠷ ᠬᠠᠳᠠᠭᠠᠬᠤ ᠤᠤ᠂ ᠡᠰᠡᠪᠡᠯ ᠥᠭᠡᠷ᠎ᠡ ᠶᠠᠮᠠᠷ ᠭᠠᠵᠠᠷ ᠶᠠᠭᠠᠬᠢᠵᠤ ᠬᠠᠳᠠᠭᠠᠬᠤ ᠪᠤᠢ ᠭᠡᠬᠦ ᠮᠡᠲᠦ ᠶᠢᠨ ᠠᠩᠬᠠᠷᠬᠤ ᠨᠠᠷᠢᠨ ᠵᠦᠢᠯ ᠤᠯᠠᠨ ᠪᠤᠢ᠃ ᠶᠡᠷᠦ ᠨᠢ ᠪᠢᠳᠠ ᠮᠡᠳᠡᠬᠦ ᠦᠭᠡᠢ ᠪᠣᠯ ᠥᠪᠡᠷᠰᠡᠳ ᠢᠶᠠᠨ ᠪᠢᠰᠢ᠂ ᠮᠡᠷᠭᠡᠵᠢᠯ ᠤᠨ ᠬᠥᠮᠥᠨ ᠳᠤ ᠨᠠᠶᠢᠳᠠᠪᠠᠯ ᠬᠠᠮᠤᠭ ᠤᠨ ᠰᠠᠶᠢᠨ ᠴᠠᠭ ᠤᠯᠠᠷᠢᠯ ᠳᠤᠨᠢ ᠶᠠᠭ ᠦᠨᠡᠨ ᠮᠥᠨ ᠰᠠᠶᠢᠨ ᠶᠠᠭᠤᠮ᠎ᠠ ᠶᠢ ᠨᠢ ᠲᠡᠭᠦᠵᠦ᠂ ᠬᠠᠮᠤᠭ ᠤᠨ ᠬᠦᠴᠦᠲᠡᠢ ᠰᠠᠶᠢᠨ ᠡᠮ ᠨᠠᠶᠢᠷᠠᠭᠤᠯᠵᠤ ᠭᠠᠷᠭᠠᠪᠠᠯ ᠥᠪᠡᠷ ᠤᠨ ᠪᠡᠶ᠎ᠡ ᠳᠡᠭᠡᠨ ᠠᠰᠢᠭᠯᠠᠵᠤ ᠦᠢᠯᠡᠴᠢᠯᠡᠭᠦᠯᠵᠦ ᠴᠢᠳᠠᠬᠤ ᠪᠥᠭᠡᠳ ᠪᠥᠭᠡᠳ ᠠᠮᠢ ᠠᠬᠤᠢ᠂ ᠪᠠᠶᠢᠭᠠᠯᠢ ᠣᠷᠴᠢᠨ ᠢᠶᠠᠨ ᠪᠠᠰᠠ ᠰᠠᠶᠢᠲᠤᠷ ᠬᠠᠮᠠᠭᠠᠯᠠᠵᠤ ᠴᠢᠳᠠᠬᠤ ᠪᠣᠯᠣᠨ᠎ᠠ᠃  
 
ᠢᠷᠡᠯᠲᠡ᠄ ᠳᠣᠮᠳᠠᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号