ᠤᠶᠢᠷ᠎ᠠ ᠶᠢᠨ ᠡᠳᠤᠷ᠂ ᠤᠯᠠᠭᠠᠨᠴᠠᠪ ᠤᠨ ︽ᠤᠤᠷ ᠠᠮᠳᠠᠳᠦ ᠤᠯᠠᠭᠠᠨᠴᠠᠪ︾ ᠬᠡᠮᠡᠬᠦ ᠨᠠᠷᠠᠲᠤ ᠲᠡᠮᠳᠡᠭᠳᠦ | ᠠᠵᠢᠯᠯᠠᠭ᠎ᠠ ᠨᠢ ᠵᠢᠭᠤᠯᠴᠢᠯᠠᠯ ᠤᠨ ᠲᠥᠪᠯᠡᠷᠡᠭᠦᠯᠦᠨ ᠲᠠᠷᠬᠠᠭᠠᠬᠤ ᠲᠥᠪ ᠲᠤ ᠶᠠᠪᠤᠭᠳᠠᠪᠠ᠃ ᠴᠠᠬᠠᠷ ᠪᠠᠷᠠᠭᠤᠨ | ᠭᠠᠷᠤᠨ ᠳᠤᠮᠳᠠᠳᠤ ᠬᠤᠰᠢᠭᠤ ᠭᠤᠷᠪᠠᠨ ᠣᠷᠣᠨ ᠪᠦᠰᠡ ᠳᠤ ᠲᠣᠰ ᠲᠣᠰ ᠳᠡᠯᠭᠡᠨ ᠦᠵᠡᠭᠦᠯᠵᠦ᠂ ︽ᠤᠤᠷ | ᠠᠮᠳᠠᠳᠦ ᠤᠯᠠᠭᠠᠨᠴᠠᠪ︾ ᠤᠨ ᠣᠷᠣᠨ ᠪᠦᠰᠡ ᠶᠢᠨ ᠨᠡᠶᠢᠲᠡ ᠶᠢᠨ ᠬᠡᠷᠡᠭᠯᠡᠭᠡᠨ ᠤ ᠨᠠᠷᠠᠲᠤ ᠲᠡᠮᠳᠡᠭᠲᠦ ᠶᠢ ᠤᠯᠠᠮ ᠨᠢᠭᠡ | ᠠᠯᠬᠤᠮ ᠪᠣᠶ ᠪᠣᠯᠭᠠᠵᠤ᠂ ᠮᠠᠨ ᠤ ᠬᠤᠰᠢᠭᠤᠨ ᠤ ᠲᠠᠷᠢᠶᠠᠯᠠᠩ ᠮᠠᠯ ᠠᠵᠦ ᠠᠬᠤᠢ ᠶᠢᠨ ᠠᠰᠢᠭ ᠰᠢᠮ᠎ᠡ ᠶᠢᠨ | ᠪᠦᠲᠦᠭᠡᠭᠳᠡᠬᠦᠨ ᠤ ᠠᠯᠳᠠᠷᠰᠢᠯ ᠤᠨ ᠬᠡᠮᠵᠢᠶ᠎ᠡ ᠪᠠ ᠨᠥᠯᠥᠭᠡᠯᠡᠬᠦ ᠬᠦᠴᠦᠨ ᠢ ᠳᠡᠭᠡᠭᠰᠢᠯᠡᠭᠦᠯᠦᠭᠰᠡᠨ ᠪᠠᠶᠢᠨ᠎ᠠ᠃ | | | | | ᠤᠯᠠᠭᠠᠨᠴᠠᠪ ᠤᠨ ᠵᠢᠭᠤᠯᠴᠢᠯᠠᠯ ᠤᠨ ᠲᠥᠪᠯᠡᠷᠡᠭᠦᠯᠦᠨ ᠲᠠᠷᠬᠠᠭᠠᠬᠤ ᠲᠥᠪ ᠤᠨ ᠨᠢᠭᠡᠳᠦᠭᠡᠷ᠂ ᠬᠤᠶᠠᠳᠤᠭᠠᠷ᠂ | ᠭᠤᠷᠪᠠᠳᠤᠭᠠᠷ ᠳᠠᠪᠬᠤᠷᠯᠢᠭ ᠤᠨ ᠦᠵᠡᠭᠦᠯᠦᠯᠭᠡ ᠶᠢᠨ ᠲᠣᠭᠤᠷᠢᠭ ᠲᠤ ᠴᠠᠬᠠᠷ ᠪᠠᠷᠠᠭᠤᠨ ᠭᠠᠷᠤᠨ ᠳᠤᠮᠳᠠᠳᠤ | ᠬᠤᠰᠢᠭᠤᠨ ᠤ ᠤᠨᠴᠠᠯᠢᠬᠳᠤ ᠲᠠᠷᠢᠶᠠᠯᠠᠩ ᠤᠨ ᠪᠦᠲᠦᠭᠡᠭᠳᠡᠬᠦᠨ᠂ ᠵᠢᠭᠤᠯᠴᠢᠯᠠᠯ ᠤᠨ ᠪᠦᠲᠦᠭᠡᠭᠳᠡᠬᠦᠨ ᠪᠣᠯᠤᠨ | ᠰᠣᠶᠣᠯ ᠤᠨ ᠡᠭᠦᠳᠦᠯᠲᠡ ᠶᠢᠨ ᠪᠦᠲᠦᠭᠡᠭᠳᠡᠬᠦᠨ ᠢ ᠳᠡᠯᠭᠡᠨ ᠦᠵᠡᠭᠦᠯᠵᠦ᠂ ᠨᠢᠭᠡᠳᠦᠭᠡᠷ ᠳᠠᠪᠬᠤᠷᠯᠢᠭ ᠤᠨ | ᠤᠨᠴᠠᠯᠢᠬᠳᠤ ᠲᠠᠷᠢᠶᠠᠯᠠᠩ ᠤᠨ ᠪᠦᠲᠦᠭᠡᠭᠳᠡᠬᠦᠨ ᠤ ᠦᠵᠡᠭᠦᠯᠦᠯᠭᠡ ᠶᠢᠨ ᠲᠣᠭᠤᠷᠢᠭ ᠲᠤ ᠲᠤᠰ ᠲᠤᠰ ᠵᠢᠵᠢᠭ | ᠨᠠᠩᠭᠤᠸᠠ᠂ ᠤᠯᠠᠭᠠᠨ ᠯᠤᠤᠪᠠᠩ᠂ ᠲᠤᠲᠤᠷᠭ᠎ᠠ᠂ ᠭᠤᠯᠢᠷ ᠪᠤᠭᠤᠳᠠᠢ ᠵᠡᠷᠭᠡ ᠶᠢ ᠲᠠᠯᠪᠢᠵᠠᠶ᠃ ᠬᠤᠶᠠᠳᠤᠭᠠᠷ | ᠳᠠᠪᠬᠤᠷᠯᠢᠭ ᠤᠨ ᠵᠢᠭᠤᠯᠴᠢᠯᠠᠯ ᠤᠨ ᠪᠦᠲᠦᠭᠡᠭᠳᠡᠬᠦᠨ ᠤ ᠲᠣᠭᠤᠷᠢᠭ ᠲᠤ ᠲᠣᠰ ᠲᠣᠰ ᠳᠦᠷᠰᠦᠲᠦ ᠨᠢᠳᠤᠷᠭ᠎ᠠ ︵ | ᠨᠣᠮ︶᠂ ᠭᠠᠷ ᠤᠷᠠᠯᠠᠯ ᠤᠨ ᠡᠯᠭᠦᠮᠡᠯ ᠡᠳ᠋᠂ ᠪᠥᠰ ᠤᠷᠠᠯᠠᠯ᠂ ᠥᠨᠳᠡᠭᠡᠨ ᠰᠡᠶᠢᠯᠦᠮᠡᠯ᠂ ᠬᠢᠲᠠᠳ ᠢᠶᠠᠷ | ᠤᠯᠠᠮᠵᠢᠯᠠᠭᠰᠠᠨ ᠭᠠᠤᠯᠢᠨ ᠰᠡᠶᠢᠯᠦᠮᠡᠯ᠂ ᠮᠣᠩᠭᠤᠯ ᠡᠮ ᠡᠮᠨᠡᠯᠭᠡ᠂ ᠳᠠᠯᠠᠨ ᠬᠠᠷ᠎ᠠ ᠶᠢᠨ ᠠᠷᠢᠬᠢ᠂ ᠭᠠᠷ ᠢᠶᠠᠷ | ᠨᠡᠷᠡᠭᠰᠡᠨ ᠼᠤᠤ ᠵᠡᠷᠭᠡ ᠶᠢ ᠲᠠᠯᠪᠢᠵᠠᠶ᠃ ᠭᠤᠷᠪᠠᠳᠤᠭᠠᠷ ᠳᠠᠪᠬᠤᠷᠯᠢᠭ ᠤᠨ ᠢᠳᠡᠭᠡᠨ ᠤ ᠶᠠᠰᠤ ᠴᠢᠨᠠᠷ ᠤᠨ | ᠲᠣᠭᠤᠷᠢᠭ ᠲᠤ ᠥᠪᠥᠷ ᠮᠣᠩᠭᠤᠯ ᠤᠨ ᠶᠢᠨ ᠱᠠᠨ ᠰᠢᠯᠢᠳᠡᠭ ᠪᠤᠭᠤᠳᠠᠢ ᠶᠢᠨ ᠢᠳᠡᠭᠡᠨ ᠤ ᠬᠢᠵᠠᠭᠠᠷᠲᠤ ᠺᠣᠮᠫᠠᠨᠢ ᠶᠢᠨ | ᠨᠣᠬᠠᠶ ᠶᠢᠨ ᠬᠤᠰᠢᠭᠤ᠂ ᠴᠠᠭᠠᠨ ᠢᠳᠡᠭᠡᠨ ᠤ ᠵᠦᠢᠯ᠂ ᠵᠢᠩ ᠢ ᠭᠧᠨ ᠢᠳᠡᠭᠡᠨ ᠤ ᠵᠦᠢᠯ ᠵᠡᠷᠭᠡ ᠪᠦᠲᠦᠭᠡᠭᠳᠡᠬᠦᠨ ᠢ | ᠲᠤᠰ ᠲᠤᠰ ᠳᠡᠯᠭᠡᠨ ᠦᠵᠡᠭᠦᠯᠵᠦ᠂ ︽ᠪᠣᠬᠢᠷᠲᠤᠯ ᠦᠭᠡᠢ + ᠤᠷᠭᠠᠨᠢᠭ + ᠡᠷᠡᠭᠦᠯ︾ ᠰᠣᠳᠣᠨ | ᠵᠢᠭᠤᠯᠴᠢᠯᠠᠯ ᠤᠨ ᠵᠠᠮ ᠱᠤᠭᠤᠮ ᠢ ᠬᠦᠴᠦᠯᠡᠨ ᠪᠠᠶᠢᠭᠤᠯᠵᠤ᠂ ᠣᠷᠣᠨ ᠨᠤᠲᠤᠭ ᠤᠨ ᠤᠨᠴᠠᠯᠢᠭᠳᠤ ᠠᠵᠤ ᠦᠢᠯᠡᠰ ᠢ | ᠪᠡᠶᠡᠴᠢᠯᠡᠨ ᠣᠶᠢᠯᠠᠭᠠᠪᠠ᠃ | | | | | ᠲᠣᠰ ᠤᠳᠠᠭᠠᠨ ᠤ ᠠᠵᠢᠯᠯᠠᠭ᠎ᠠ ᠪᠠᠷ ᠳᠠᠮᠵᠢᠭᠤᠯᠤᠨ᠂ ᠮᠠᠨ ᠤ ᠬᠤᠰᠢᠭᠤᠨ ᠤ ︽ᠪᠤᠭᠤᠳᠠᠶ ᠨᠣᠭᠤᠭ᠎ᠠ | ᠲᠥᠮᠥᠰᠥ᠂ ᠦᠬᠡᠷ ᠤᠨ ᠮᠢᠬ᠎ᠠ ᠰᠦ︾ ᠵᠡᠷᠭᠡ ᠵᠢᠷᠭᠤᠭᠠᠨ ᠲᠣᠮᠣ ᠠᠵᠤ ᠦᠢᠯᠡᠰ ᠤᠨ ᠪᠦᠲᠦᠭᠡᠭᠳᠡᠬᠦᠨ ᠢ ᠭᠦᠢᠴᠡᠳ | ᠳᠡᠯᠭᠡᠨ ᠦᠵᠡᠭᠦᠯᠵᠦ᠂ ᠤᠤᠷ ᠠᠮᠳᠠ᠂ ᠤᠤᠷ ᠥᠨᠥᠷ᠂ ᠤᠤᠷ ᠠᠮᠢ ᠠᠬᠤᠶ ᠶᠢᠨ ᠲᠠᠷᠢᠶᠠᠯᠠᠩ ᠮᠠᠯ ᠠᠵᠦ | ᠠᠬᠤᠢ ᠶᠢᠨ ᠠᠰᠢᠭ ᠰᠢᠮ᠎ᠡ ᠶᠢ ᠤᠯᠠᠮ ᠨᠢᠭᠡ ᠠᠯᠬᠤᠮ ᠤᠬᠠᠭᠤᠯᠵᠤ᠂ ᠲᠠᠷᠢᠶᠠᠯᠠᠩ ᠮᠠᠯ ᠠᠵᠦ ᠠᠬᠤᠢ ᠶᠢᠨ ᠠᠰᠢᠭ | ᠰᠢᠮ᠎ᠡ ᠶᠢᠨ ᠪᠦᠲᠦᠭᠡᠭᠳᠡᠬᠦᠨ ᠤ ᠨᠡᠷ᠎ᠡ ᠠᠯᠳᠠᠷ ᠪᠠ ᠵᠠᠬ᠎ᠠ ᠳᠡᠯᠭᠡᠭᠦᠷ ᠤᠨ ᠡᠵᠡᠯᠡᠬᠦ ᠨᠣᠷᠮ᠎ᠠ ᠶᠢ ᠳᠡᠭᠡᠭᠰᠢᠯᠡᠭᠦᠯᠦᠨ᠂ | ᠡᠯ᠎ᠡ ᠭᠠᠵᠠᠷ ᠠᠴᠠ ᠢᠷᠡᠭᠰᠡᠨ ᠵᠤᠭᠠᠴᠠᠭᠰᠠᠳ ᠲᠤ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ | ᠭᠠᠷᠤᠯᠲᠠ ᠶᠢᠨ ᠡᠯ᠎ᠡ ᠲᠥᠷᠥᠯ ᠤᠨ ᠤᠨᠴᠠᠯᠢᠭᠳᠤ ᠲᠠᠷᠢᠶᠠᠯᠠᠩ ᠤᠨ ᠪᠦᠲᠦᠭᠡᠭᠳᠡᠬᠦᠨ ᠢ ᠣᠶᠢᠷ᠎ᠠ ᠵᠠᠶ ᠠᠴᠠ | ᠣᠶᠢᠯᠠᠭᠠᠭᠤᠯᠵᠤ ᠠᠮᠲᠠᠯᠠᠭᠤᠯᠤᠭᠰᠠᠨ ᠪᠠᠶᠢᠨ᠎ᠠ᠃ | | | ᠵᠣᠬᠢᠶ᠋ᠬᠠᠴᠢ᠄ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ | ᠣᠷᠴᠢᠭᠤᠯᠣᠨᠨᠴᠢ᠄ ᠬᠠᠶᠢᠷᠬᠠᠨ |