| ᠡᠳᠡᠭᠡᠷ ᠮᠥᠭᠦ ᠨᠢ ᠪᠦᠷ ᠨᠢᠭᠡᠨ ᠬᠠᠮᠲᠤ ᠶᠢᠨ ᠣᠨᠴᠠᠯᠢᠭ ᠲᠠᠢ᠄ ᠫᠧᠫᠲ᠋ᠢᠳ᠋ ᠤᠨ ᠲᠥᠷᠥᠯ ᠤᠨ ᠬᠤᠤᠷᠲᠤ | ᠡᠳ᠋ ᠠᠭᠤᠯᠵᠤ ᠪᠠᠶᠢᠳᠠᠭ᠃ ᠫᠧᠫᠲ᠋ᠢᠳ᠋ ᠨᠢ ᠴᠤᠬᠤᠮ ᠬᠡᠳᠦᠶ ᠠᠶᠤᠯ ᠲᠠᠢ ᠪᠠᠶᠢᠳᠠᠭ ᠪᠤᠢ︖ ᠫᠧᠫᠲ᠋ᠢᠳ᠋ ᠶᠡᠭᠡ | ᠬᠠᠯᠠᠭᠤᠨ᠂ ᠬᠦᠴᠢᠯ ᠱᠦᠯᠲᠦ ᠪᠣᠯᠤᠨ ᠳᠠᠪᠤᠰᠤᠨ ᠳᠤ ᠲᠡᠰᠪᠦᠷᠢᠲᠡᠢ᠂ ᠪᠤᠴᠠᠯᠤᠮ᠎ᠠ ᠬᠠᠯᠠᠭᠤᠨ ᠳᠤ ᠵᠢᠩᠨᠡᠬᠦ ᠪᠤᠶᠤ | ᠬᠠᠭᠤᠷᠴᠤ ᠬᠠᠭᠠᠷᠢᠬᠤ ᠵᠡᠷᠭᠡ ᠡᠩ ᠤᠨ ᠬᠤᠭᠤᠯᠠ ᠬᠢᠬᠦ ᠠᠷᠭ᠎ᠠ ᠨᠢ ᠴᠥᠮ ᠲᠡᠭᠦᠨ ᠤ ᠬᠤᠣᠷᠲᠤ ᠴᠢᠨᠠᠷ ᠢ ᠡᠪᠳᠡᠵᠦ | ᠴᠢᠳᠠᠬᠤ ᠦᠭᠡᠢ ᠶᠤᠮ᠃ ᠠᠷᠠᠳ ᠤᠨ ᠳᠤᠮᠳᠠ ᠳᠡᠯᠭᠡᠷᠡᠵᠦ ᠪᠠᠶᠢᠭ᠎ᠠ ᠪᠤᠴᠠᠯᠤᠮ᠎ᠠ ᠬᠠᠯᠠᠭᠤᠨ ᠢᠶᠠᠷ ᠬᠤᠤᠷ ᠠᠷᠢᠯᠭᠠᠬᠤ | ᠪᠠ ᠰᠠᠷᠢᠮᠰᠠᠭ ᠢᠶᠠᠷ ᠬᠤᠤᠷ ᠠᠷᠢᠯᠭᠠᠬᠤ ᠪᠣᠯ ᠪᠦᠷ ᠮᠠᠰᠢ ᠨᠠᠶᠢᠳᠠᠪᠤᠷᠢ ᠦᠭᠡᠢ ᠬᠡᠯᠡᠯᠭᠡ ᠶᠤᠮ᠃ ᠫᠧᠫᠲ᠋ᠢᠳ᠋ ᠤᠨ | ᠲᠥᠷᠥᠯ ᠤᠨ ᠬᠤᠤᠷᠲᠤ ᠡᠳ᠋ ᠤᠨ ᠳᠣᠲᠣᠷ᠎ᠠ ᠬᠠᠮᠤᠭ ᠠᠴᠠ ᠠᠮᠢᠨ ᠳᠤ ᠬᠥᠷᠬᠦ ᠨᠢ α - ᠫᠧᠫᠲ᠋ᠢᠳ᠋ ︵α- | amanitin︶ ᠪᠣᠯᠤᠨ᠎ᠠ᠂ ᠲᠣᠰ ᠬᠤᠤᠷᠲᠤ ᠡᠳ᠋ ᠪᠣᠯ ᠴᠦᠮᠡᠯᠢᠭ ᠠᠮᠢᠳᠤ ᠪᠣᠳᠠᠰ RNA ᠶᠢᠨ ᠪᠥᠭᠡᠭᠡᠨᠡᠷᠡᠭᠦᠯᠬᠦ | ᠢᠰᠬᠡᠭᠦᠷ II ᠤᠨ ᠴᠢᠳᠠᠯ ᠶᠡᠬᠡᠲᠡᠢ ᠬᠤᠷᠢᠭᠯᠠᠭᠴᠢ ᠡᠳ᠋ ᠶᠤᠮ᠂ mRNA ᠶᠢᠨ ᠰᠢᠯᠵᠢᠭᠦᠯᠦᠯᠲᠡ ᠶᠢ ᠬᠤᠷᠢᠭᠯᠠᠵᠤ | ᠤᠭᠤᠷᠠᠭ ᠤᠨ ᠨᠡᠶᠢᠯᠡᠯᠭᠡ ᠶᠢ ᠬᠤᠷᠢᠭᠯᠠᠳᠠᠭ᠃ ᠡᠶᠢᠮᠦᠷᠬᠦᠦ ᠬᠤᠣᠷᠲᠤ ᠡᠳ᠋ ᠠᠭᠤᠯᠤᠭᠰᠠᠨ ᠮᠥᠭᠦ ᠶᠢ ᠠᠳᠡᠭᠦᠷᠡᠨ | ᠢᠳᠡᠭᠰᠡᠨ ᠤ ᠳᠠᠷᠠᠭ᠎ᠠ᠂ ᠬᠤᠣᠷᠲᠤ ᠡᠳ᠋ ᠬᠤᠳᠣᠭᠤᠳᠣ ᠭᠡᠳᠡᠰᠦ ᠪᠠᠷ ᠳᠠᠮᠵᠢᠨ ᠡᠯᠢᠭᠡᠨ ᠳᠤ ᠬᠦᠷᠴᠤ᠂ ᠡᠯᠢᠭᠡᠨ | ᠡᠰ ᠲᠤ ᠮᠠᠰᠢ ᠲᠦᠷᠭᠡᠨ ᠰᠢᠩᠭᠡᠭᠡᠭᠳᠡᠨ᠎ᠡ᠃ ᠬᠡᠳᠦ᠋ᠢᠪᠡᠷ ᠣᠯᠠᠩᠬᠢ ᠬᠤᠤᠷᠲᠤ ᠫᠧᠫᠲ᠋ᠢᠳ᠋ ᠨᠢ ᠰᠢᠭᠡᠰᠦ ᠶᠢ ᠳᠠᠭᠠᠵᠤ | ᠭᠠᠳᠠᠭᠰᠢᠯᠠᠳᠠᠭ ᠪᠣᠯᠪᠠᠴᠤ ᠬᠡᠰᠡᠭ ᠡᠯᠢᠭᠡᠨ ᠳᠤ ᠰᠢᠩᠭᠡᠭᠡᠭᠳᠡᠭᠰᠡᠨ ᠬᠤᠤᠷᠲᠤ ᠡᠳ᠋ ᠨᠢ ᠪᠠᠰᠠ ᠰᠥᠰᠥᠨ ᠰᠢᠩᠭᠡᠨ ᠢᠶᠠᠷ | ᠳᠡᠮᠵᠢᠨ ᠭᠡᠳᠡᠰᠦᠨ ᠳᠤ ᠣᠷᠣᠵᠤ᠂ ᠡᠯᠢᠭᠡᠨ ᠳᠣᠲᠣᠷᠠᠬᠢ ᠴᠠᠭ ᠢ ᠤᠷᠲᠤᠳᠬᠠᠵᠤ᠂ ᠡᠯᠢᠭᠡᠨ ᠤ ᠭᠡᠮᠲᠦᠯ ᠢ | ᠬᠦᠨᠳᠦᠷᠡᠭᠦᠯᠳᠡᠭ᠃ ᠡᠶᠢᠮᠤᠷᠡᠬᠦᠥ ᠬᠤᠤᠷᠲᠤ ᠡᠳ᠋ ᠠᠴᠠ ᠪᠣᠯᠤᠭᠰᠠᠨ ᠬᠤᠤᠷ ᠬᠥᠨᠥᠭᠡᠯ ᠢ ᠰᠥᠷᠴᠦ ᠴᠢᠳᠠᠰᠢ ᠥᠬᠡᠶ | ᠶᠤᠮ᠂ ᠡᠪᠡᠳᠴᠢᠲᠡᠨ ᠡᠪᠡᠳᠴᠢᠯᠡᠭᠰᠡᠨ ᠤ ᠳᠠᠷᠠᠭ᠎ᠠ᠂ ᠵᠥᠪᠬᠡᠨ ᠡᠯᠢᠭᠡ ᠰᠢᠯᠵᠢᠭᠦᠯᠬᠦ ᠡᠮᠴᠢᠯᠡᠭᠡ ᠪᠠᠷ ᠳᠡᠮᠵᠢᠨ | ᠵᠠᠰᠠᠨ᠎ᠠ᠂ ᠥᠭᠦᠬᠦ ᠨᠣᠷᠮ᠎ᠠ ᠲᠦᠢᠯ ᠤᠨ ᠥᠨᠳᠥᠷ ᠪᠠᠶᠢᠳᠠᠭ᠃ ᠲᠡᠳᠡ ᠬᠡᠳᠦ᠋ᠢᠪᠡᠷ ᠥᠩᠭᠡᠨ ᠳᠡᠭᠡᠷ᠎ᠡ ᠪᠠᠨ | ᠪᠣᠷᠣᠭᠵᠢᠭᠤᠨ᠂ ᠦᠵᠡᠬᠦ ᠳᠤ ᠬᠥᠮᠦᠨ ᠮᠠᠯ ᠳᠤ ᠬᠤᠣᠷ ᠦᠭᠡᠢ ᠰᠢᠭ ᠪᠣᠯᠪᠠᠴᠤ᠂ ᠬᠤᠣᠷᠲᠤ ᠴᠢᠨᠠᠷ ᠨᠢ ᠬᠥᠳᠡᠯᠬᠦ | ᠦᠶ᠎ᠡ ᠳᠤ᠂ ᠴᠠᠭ ᠲᠤᠬᠠᠢ ᠳᠤᠨᠢ ᠠᠪᠤᠷᠠᠬᠤ ᠦᠭᠡᠢ ᠪᠣᠯ ᠬᠥᠮᠦᠨ ᠦᠬᠦᠵᠦ᠂ ᠲᠥᠢᠯ ᠤᠨ ᠶᠡᠭᠡ ᠬᠤᠣᠷ ᠬᠥᠨᠥᠭᠡᠯ | ᠠᠪᠴᠢᠷᠠᠨ᠎ᠠ᠃ ᠡᠶᠢᠮᠦ ᠠᠴᠠ ᠣᠯᠠᠨ ᠢᠶᠠᠷ ᠢᠶᠠᠨ ᠬᠡᠭᠡᠷ᠎ᠡ ᠶᠢᠨ ᠮᠥᠭᠦ ᠶᠢ ᠳᠤᠷ᠎ᠠ ᠪᠠᠷ ᠢᠶᠠᠨ ᠢᠳᠡᠵᠦ ᠪᠣᠯᠬᠤ ᠥᠬᠡᠶ᠂ | ᠣᠲᠣ ᠶᠢᠨ ᠵᠠᠬ᠎ᠠ ᠳᠡᠯᠭᠡᠭᠦᠷ ᠳᠡᠭᠡᠷᠡᠬᠢ ᠪᠠᠰᠠ ᠮᠠᠰᠢ ᠣᠯᠠᠨ ᠠᠮᠲᠠᠲᠠᠶ ᠮᠥᠭᠦ ᠲᠤᠷ᠎ᠠ ᠶᠢ ᠴᠢᠨᠢ ᠳᠠᠷᠤᠵᠤ ᠪᠣᠯᠬᠤ | ᠶᠤᠮ︕ | | ᠪᠡᠯᠡᠳᠭᠡᠭᠰᠡᠨ ᠨᠢ᠄ ᠭᠧ ᠲᠣᠸᠠᠨ ᠯᠢᠶᠡᠨ | ᠢᠷᠡᠯᠲᠡ᠄ ᠠᠷᠠᠳ ᠤᠨᠮᠣᠩᠭᠤᠯ ᠰᠦᠯᠵᠢᠶ᠎ᠡ |