| | | | ᠤᠳᠤ ᠪᠤᠯ ᠶᠠᠭ ᠤᠯᠠᠭᠠᠨ ᠯᠤᠤᠪᠠᠩ ᠤᠨ ᠬᠤᠷᠢᠶᠠᠯᠲᠠ ᠶᠢᠨ ᠤᠯᠠᠷᠢᠯ ᠪᠠᠶᠢᠵᠦ᠂ ︽ᠤᠯᠠᠭᠠᠨ ᠯᠤᠤᠪᠠᠩ ᠤᠨ | ᠨᠤᠲᠤᠭ︾ ᠭᠡᠰᠡᠨ ᠰᠠᠶᠢᠬᠠᠨ ᠠᠯᠳᠠᠷᠲᠠᠶ ᠤᠰᠤᠲᠤ ᠪᠠᠯᠭᠠᠰᠤᠨ ᠤ ᠤᠯᠠᠭᠠᠨ ᠯᠤᠤᠪᠠᠩ ᠡᠯᠪᠡᠭ ᠬᠤᠷᠢᠶᠠᠯᠲᠠ ᠣᠯᠵᠤ᠂ | ᠲᠠᠷᠢᠶᠠᠨ ᠭᠠᠵᠠᠷ ᠪᠣᠯᠭᠠᠨ ᠳᠤ ᠬᠥᠷ ᠬᠥᠭᠵᠢᠶᠡᠨ ᠲᠠᠢ ᠪᠦᠭᠡᠳ ᠶᠠᠭᠠᠷᠠᠯᠲᠠᠶ ᠪᠠᠶᠢᠳᠠᠯ ᠢᠯᠡᠷᠡᠨ᠎ᠡ ᠃ | ᠰᠣᠷᠪᠣᠯᠵᠢᠯᠠᠭ᠎ᠠ᠄ | | | | | ᠤᠰᠤᠲᠤ ᠪᠠᠯᠭᠠᠰᠦ ᠶᠢᠨ ᠵᠢᠩ ᠪᠥᠸᠧ ᠲᠣᠰᠬᠤᠨ ᠤ ᠲᠠᠷᠢᠶᠠᠴᠢᠨ ᠴᠧᠨ ᠵᠢᠶ ᠬᠤᠩ ᠄ ︽ᠴᠢ ᠦᠵᠡ ᠳ᠋ᠡ᠂ | ᠮᠢᠨᠦ ᠡᠨᠡ ᠵᠢᠯ ᠤᠨ ᠲᠠᠷᠢᠭᠰᠠᠨ ᠯᠤᠤᠪᠠᠩ ᠤᠷᠲᠤ ᠶᠢᠨ ᠬᠡᠮᠵᠢᠶ᠎ᠡ ᠲᠠᠢ᠂ ᠭᠡᠷᠡᠯᠲᠦᠴᠡ ᠶᠢᠨ ᠬᠡᠮᠵᠢᠶ᠎ᠡ ᠲᠠᠢ᠂ | ᠬᠡᠯᠪᠡᠷᠢ ᠨᠢ ᠪᠠᠰᠠ ᠰᠠᠶᠢᠨ ︾ | ᠤᠰᠤᠲᠤ ᠪᠠᠯᠭᠠᠰᠤᠨ ᠤ ᠵᠢᠩ ᠪᠥᠸᠧ ᠲᠣᠰᠬᠤᠨ ᠤ ᠲᠠᠷᠢᠮᠠᠯ ᠤᠨ ᠡᠷᠦᠬᠡ ᠴᠧᠨ ᠵᠢᠢ ᠬᠤᠩ ᠤᠨ ᠤᠯᠠᠭᠠᠨ | ᠯᠤᠤᠪᠠᠩ ᠤᠨ ᠲᠠᠷᠢᠶᠠᠨ ᠳᠤ ᠬᠦᠷᠬᠦ ᠳᠤ᠂ ᠲᠠᠷᠢᠶᠠᠯᠠᠩ ᠤᠨ ᠮᠠᠰᠢᠨ ᠤ ᠬᠦᠩᠭᠢᠨᠡᠬᠦ ᠳᠠᠭᠤᠨ ᠢ ᠲᠠᠭᠠᠯᠳᠤᠨ᠂ | ᠤᠯᠠᠭᠠᠪᠲᠤᠷ ᠤᠯᠠᠭᠠᠨ ᠯᠤᠤᠪᠠᠩ ᠤᠳ ᠴᠤᠪᠤᠷᠠᠨ ᠭᠠᠷᠴᠤ ᠢᠷᠡᠵᠦ᠂ ᠲᠡᠭᠰᠢᠯᠡᠬᠦ᠂ ᠴᠢᠬᠢ ᠶᠢ ᠨᠢ ᠬᠡᠷᠴᠢᠬᠦ᠂ | ᠤᠭᠤᠲᠠᠨ ᠳᠤ ᠰᠠᠪᠠᠯᠠᠬᠤ᠂ ᠵᠥᠭᠡᠭᠡᠪᠦᠷᠢᠯᠡᠬᠦ ᠵᠡᠷᠭᠡ ᠳᠤ ᠲᠤᠰ ᠲᠤᠰ ᠤᠨ ᠠᠵᠢᠯ ᠤᠨ ᠬᠤᠪᠢᠶᠠᠷᠢᠯᠠᠯ ᠲᠠᠢ ᠪᠠᠶᠢᠯ᠎ᠠ᠃ | | ᠰᠤᠷᠪᠤᠯᠵᠢᠯᠠᠭ᠎ᠠ ᠄ | | | | | ᠤᠰᠤᠳᠤ ᠪᠠᠯᠭᠠᠰᠤᠨ ᠤ ᠵᠢᠩ ᠪᠥᠸᠧ ᠲᠣᠰᠬᠤᠨ ᠤ ᠲᠠᠷᠢᠶᠠᠴᠢᠨ ᠴᠧᠨ ᠵᠢᠢ ᠬᠤᠩ᠄ ︽ᠮᠠᠨ ᠤ | ᠣᠰᠣᠳᠣ ᠪᠠᠯᠭᠠᠰᠣ ᠪᠣᠯ ᠬᠤᠯᠤᠤᠪᠠᠩ ᠲᠠᠷᠢᠭᠠᠳ ᠪᠠᠶᠠᠵᠢᠭᠰᠠᠨ ᠶᠤᠮ᠂ ᠥᠩᠭᠡᠷᠡᠭᠰᠡᠨ ᠳᠤ ᠮᠠᠨ ᠤ ᠡᠨᠡ ᠭᠠᠵᠠᠷ | ᠲᠦᠢᠯ ᠤᠨ ᠶᠠᠳᠠᠭᠤ ᠪᠠᠶᠢᠭᠰᠠᠨ᠂ ᠬᠤᠯᠤᠤᠪᠠᠩ ᠣᠷᠣᠭᠤᠯᠤᠭᠰᠠᠨ ᠠᠴᠠ ᠬᠤᠶᠢᠰᠢ ᠮᠠᠨ ᠤ ᠠᠳᠡᠬᠢ ᠶᠢᠨ ᠪᠠᠶᠢᠳᠠᠯ | ᠰᠠᠶᠢᠵᠢᠷᠠᠵᠤ᠂ ᠠᠮᠢᠳᠤᠷᠠᠯ ᠴᠤ ᠰᠠᠶᠢᠵᠢᠷᠠᠵᠤ᠂ ᠢᠳᠡᠵᠦ ᠤᠤᠭᠤᠬᠤ ᠳᠠᠭᠠᠨ ᠵᠣᠪᠠᠭ᠋ᠤ ᠦᠭᠡᠢ ᠪᠣᠯᠵᠠᠶ᠃ | ᠬᠡᠪᠴᠢᠶ᠎ᠡ ᠨᠢ ᠣᠳᠣ ᠠᠭᠠᠵᠢᠮ ᠢᠶᠠᠷ ᠬᠤᠪᠢᠷᠠᠵᠤ᠂ ᠥᠩᠭᠡᠷᠡᠭᠰᠡᠨ ᠳᠤ ᠭᠠᠭᠴᠠ ᠡᠷᠦᠬᠡ᠂ ᠳᠠᠩ ᠭᠠᠭᠴᠠ ᠲᠠᠷᠢᠮᠠᠯ᠂ | ᠡᠷᠦᠬᠡ ᠪᠦᠷᠢ ᠠᠷᠪᠠᠨ ᠮᠦ ᠨᠠᠢᠮᠠᠨ ᠮᠦ ᠲᠠᠷᠢᠵᠤ᠂ ᠣᠳᠣ ᠠᠭᠠᠵᠢᠮ ᠢᠶᠠᠷ ᠬᠤᠪᠢᠷᠠᠵᠤ ᠲᠣᠮᠣ ᠡᠷᠦᠬᠡ ᠪᠠᠷ ᠭᠤᠣᠯ | ᠪᠣᠯᠭᠠᠬᠤ ᠪᠣᠯᠵᠠᠢ ︾ | | | | | | | | | | | ᠡᠨᠡ ᠵᠢᠯ᠂ ᠮᠠᠨ ᠤ ᠬᠤᠰᠢᠭᠤᠨ ᠤ ᠤᠯᠠᠭᠠᠨ ᠯᠤᠤᠪᠠᠩ ᠳᠠᠷᠢᠬᠤ ᠲᠠᠯᠠᠪᠠᠶ 2.7 ᠲᠦᠮᠡ ᠭᠠᠷᠤᠶ ᠮᠥ ᠳᠤ | ᠬᠦᠷᠴᠦ᠂ ᠦᠢᠯᠡᠳᠬᠦᠨ ᠤ ᠥᠷᠲᠡᠭ ᠨᠢ ᠳ᠋ᠦᠩᠰᠢᠭᠤᠷ ᠲᠥᠭᠦᠷᠢᠭ ᠢ ᠳᠠᠪᠠᠵᠠᠶ᠂ ᠢᠯᠠᠩᠭᠤᠶ᠎ᠠ ᠤᠯᠠᠭᠠᠨ ᠯᠤᠤᠪᠠᠩ | ᠬᠤᠷᠢᠶᠠᠬᠤ ᠤᠯᠠᠷᠢᠯ ᠳᠤ᠂ ᠪᠥᠬᠦ ᠬᠤᠰᠢᠭᠤᠨ ᠤ ᠣᠯᠠᠨ ᠲᠦᠮᠡᠨ ᠢ ᠳᠠᠶᠢᠴᠢᠯᠠᠨ ᠯᠤᠤᠪᠠᠩ ᠮᠠᠯᠲᠠᠬᠤ ᠪᠠ ᠤᠯᠠᠭᠠᠨ | ᠯᠤᠤᠪᠠᠩ ᠨᠠᠷᠢᠯᠢᠭ ᠪᠣᠯᠪᠠᠰᠤᠷᠠᠭᠤᠯᠵᠤ᠂ ᠤᠰᠤ ᠪᠠᠷ ᠤᠬᠢᠶᠠᠬᠤ᠂ ᠰᠢᠯᠢᠨ ᠰᠣᠩᠭᠤᠬᠤ᠂ ᠪᠣᠭᠤᠳᠠᠯᠯᠠᠬᠤ ᠠᠵᠢᠯ ᠢ | ᠲᠠᠶᠢᠴᠢᠯᠠᠨ ᠬᠢᠯᠭᠡᠵᠦ᠂ ᠲᠤᠬᠠᠶ ᠶᠢᠨ ᠭᠠᠵᠠᠷ ᠤᠨ ᠲᠣᠰᠬᠤᠨ ᠤ ᠠᠷᠠᠳ ᠢ ᠲᠣᠰᠬᠤᠨ ᠠᠴᠠ ᠭᠠᠷᠭᠠᠬᠤ ᠥᠬᠡᠶ ᠪᠠᠷ | ᠣᠶᠢᠷ᠎ᠠ ᠬᠠᠪᠢ ᠶᠢᠨ ᠯᠤᠤᠪᠠᠩ ᠤᠨ ᠦᠢᠯᠡᠳᠪᠦᠷᠢ ᠳᠤ ᠯᠤᠤᠪᠠᠩ ᠮᠠᠯᠲᠠᠬᠤ᠂ ᠤᠬᠢᠶᠠᠬᠤ᠂ ᠰᠠᠪᠠᠯᠠᠬᠤ᠂ | ᠵᠥᠭᠡᠭᠡᠪᠦᠷᠢᠯᠡᠬᠦ ᠵᠡᠷᠭᠡ ᠠᠵᠢᠯ ᠬᠢᠵᠦ᠂ ᠰᠠᠷ᠎ᠠ ᠶᠢᠨ ᠣᠷᠣᠯᠭ᠎ᠠ ᠨᠢ ᠨᠡᠯᠢᠶᠡᠳ ᠰᠠᠶᠢᠨ ᠪᠠᠶᠢᠵᠤ᠂ ᠪᠠᠶᠠᠵᠢᠯ ᠤᠨ | ᠵᠠᠮ ᠢᠶᠠᠷ ᠵᠠᠮᠨᠠᠭᠰᠠᠨ ᠪᠠᠶᠢᠨ᠎ᠠ ᠃ | ᠰᠤᠷᠪᠤᠯᠵᠢᠯᠠᠭ᠎ᠠ ᠄ | | | | | ᠤᠰᠦᠳᠦ ᠪᠠᠯᠭᠠᠰᠤᠨ ᠤ ᠵᠢᠩ ᠪᠥᠸᠧ ᠲᠣᠰᠬᠤᠨ ᠤ ᠠᠷᠠᠳ ᠵᠣᠣ ᠯᠢᠶᠠᠨ ᠹᠦ᠋᠄ ︽ ᠪᠢ ᠡᠨᠡ ᠵᠢᠯ | 60 ᠮᠦ ᠣᠯᠠᠭᠠᠨ ᠯᠤᠤᠪᠠᠩ ᠲᠠᠷᠢᠵᠠᠢ᠂ ᠡᠨᠡ ᠬᠡᠳᠦᠨ ᠡᠳᠦᠷ ᠪᠠᠭ᠎ᠠ ᠪᠠᠶᠢᠭᠰᠠᠭᠠᠷ᠂ ᠬᠤᠷᠢᠶᠠᠬᠤ ᠪᠤᠯᠤᠭ᠎ᠠ ᠦᠭᠡᠢ᠂ | ᠪᠢᠳᠡ ᠲᠣᠰᠬᠤᠨ ᠤ ᠬᠡᠳᠦᠨ ᠬᠥᠮᠦᠨ ᠲᠠᠢ ᠬᠠᠮᠲᠤ ᠭᠠᠷᠴᠤ ᠢᠷᠡᠭᠡᠳ ᠪᠤᠰᠤᠳ ᠲᠤ ᠯᠤᠤᠪᠠᠩ ᠬᠤᠷᠢᠶᠠᠵᠤ ᠥᠭᠪᠡᠯ | ᠂ ᠡᠳᠦᠷ ᠲᠤ 300 ᠭᠠᠷᠤᠢ ᠲᠥᠭᠦᠷᠢᠭ ᠣᠯᠤᠨ᠎ᠠ ︾ | | | | | ᠣᠶᠢᠷ᠎ᠠ ᠶᠢᠨ ᠵᠢᠯ ᠳᠤ᠂ ᠮᠠᠨ ᠤ ᠬᠤᠰᠢᠭᠤ ᠠᠮᠢ ᠠᠬᠤᠶ ᠶᠢ ᠲᠡᠷᠢᠭᠦᠨ ᠳᠤ ᠲᠠᠯᠪᠢᠬᠤ᠂ ᠪᠣᠬᠢᠷᠲᠤᠯ ᠥᠬᠡᠶ | ᠬᠥᠭᠵᠢᠯᠲᠡ ᠶᠢᠨ ᠰᠢᠨ᠎ᠡ ᠵᠠᠮ ᠢᠶᠠᠷ ᠵᠠᠮᠨᠠᠬᠤ ᠶᠢ ᠪᠠᠷᠢᠮᠲᠠᠯᠠᠵᠤ᠂ ᠲᠥᠮᠥᠰᠥ᠂ ᠬᠦᠢᠲᠡᠨ ᠰᠡᠷᠢᠭᠦᠨ ᠢᠳᠡᠰᠢᠨ | ᠨᠣᠭᠤᠭ᠎ᠠ᠂ ᠨᠣᠬᠠᠶ ᠶᠢᠨ ᠬᠤᠰᠢᠭᠤ ᠪᠠᠷ ᠭᠤᠣᠯ ᠪᠣᠯᠭᠠᠭᠰᠠᠨ ᠪᠦᠳᠦᠬᠦᠯᠢᠭ ᠠᠮᠤ ᠪᠦᠳᠦᠬᠦᠯᠢᠭ ᠪᠤᠷᠴᠠᠭ᠂ ᠮᠢᠬᠠᠨ | ᠬᠤᠨᠢ᠂ ᠰᠠᠭᠠᠯᠢ ᠶᠢᠨ ᠦᠨᠢᠶ᠎ᠡ᠂ ᠭᠠᠭ᠋ᠠᠢ᠂ ᠲᠠᠬᠢᠶ᠎ᠠ ᠵᠡᠷᠭᠡ ᠳᠠᠪᠠᠭᠤᠯᠢᠭ ᠤᠨᠴᠠᠯᠢᠭᠳᠤ ᠠᠵᠤ ᠦᠢᠯᠡᠰ ᠤᠨ | ᠣᠳᠣᠬᠢᠴᠢᠯᠠᠯᠲᠠ ᠶᠢᠨ ᠠᠬᠢᠴᠠ ᠶᠢ ᠪᠦᠬᠦ ᠬᠦᠴᠦᠨ ᠢᠶᠠᠷ ᠢᠶᠠᠨ ᠠᠬᠢᠭᠤᠯᠵᠤ᠂ ᠲᠠᠷᠢᠶᠠᠯᠠᠩ ᠮᠠᠯ ᠠᠵᠤ ᠠᠬᠤᠢ ᠶᠢᠨ | ᠠᠵᠦ ᠦᠢᠯᠡᠰ ᠤᠨ ᠲᠠᠪᠠᠯᠳᠠᠳᠤ ᠮᠠᠶ᠋ᠢᠭ ᠤᠨ ᠬᠥᠭᠵᠢᠯᠲᠡ ᠶᠢ ᠪᠡᠶᠡᠯᠡᠭᠦᠯᠵᠦ᠂ ᠤᠯᠠᠭᠠᠨᠴᠠᠪ ᠤᠨ ᠣᠨᠴᠠᠯᠢᠭ ᠲᠠᠢ | ᠤᠳᠤ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢᠨ ᠬᠥᠭᠵᠢᠯᠲᠡ ᠶᠢᠨ ᠵᠠᠮ ᠢ ᠨᠡᠭᠡᠭᠡᠵᠦ᠂ ᠮᠠᠯᠴᠢᠨ | ᠲᠠᠷᠢᠶᠠᠴᠢᠨ ᠤ ᠭᠠᠷᠤᠯᠲᠠ ᠪᠠᠨ ᠨᠡᠮᠡᠭᠳᠡᠭᠦᠯᠵᠦ ᠂ ᠣᠷᠣᠯᠭ᠎ᠠ ᠪᠠᠨ ᠨᠡᠮᠡᠭᠳᠡᠭᠦᠯᠬᠦ ᠳᠤ ᠬᠦᠴᠦᠨ ᠨᠡᠮᠡᠷᠢᠯᠡᠪᠡ᠃ | | | ᠰᠣᠷᠪᠣᠯᠵᠢᠯᠬᠠᠴᠢ᠄ ᠶᠠᠩ ᠴᠢᠣᠸᠠᠨ ᠺᠠᠩ ᠢᠣᠢ | ᠵᠣᠬᠢᠶ᠋ᠬᠠᠴᠢ᠄ ᠴᠠᠬᠠᠷ ᠪᠠᠷᠠᠭᠤᠨ ᠭᠠᠷᠣᠨ ᠲᠣᠮᠳᠡᠳᠣ ᠬᠤᠰᠢᠭᠤᠨ ᠤ ᠬᠠᠮ ᠵᠠᠭᠤᠴᠢᠯᠠᠭᠤᠷ ᠤᠨ ᠲᠥᠪ | ᠣᠷᠴᠢᠭᠤᠯᠣᠨᠨᠴᠢ᠄ ᠬᠠᠶᠢᠷᠬᠠᠨ | | |