| | | 3 ᠰᠠᠷ᠎ᠠ ᠶᠢᠨ 23 ᠤ ᠡᠳᠦᠷ ᠤᠨ ᠦᠳᠡ ᠶᠢᠨ ᠡᠮᠦᠨ᠎ᠡ᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤ | ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠠᠵᠢᠯ ᠢ ᠳᠥᠯᠭᠢᠨ ᠠᠬᠢᠭᠤᠯᠬᠤ ᠬᠤᠷᠠᠯ ᠬᠤᠷᠠᠯᠳᠤᠭᠤᠯᠵᠤ᠂ 2021 ᠣᠨ ᠤ | ᠠᠵᠢᠯ ᠢ ᠳ᠋ᠦᠩᠨᠡᠨ᠂ 2022 ᠣᠨ ᠤ ᠠᠵᠢᠯ ᠢ ᠳᠣᠭᠢᠷᠠᠭᠤᠯᠤᠨ ᠪᠠᠶᠢᠷᠢᠯᠠᠭᠤᠯᠵᠤ᠂ ᠵᠠᠰᠠᠭ ᠤᠨ ᠶᠠᠪᠤᠳᠠᠯ ᠤᠨ | ᠦᠢᠯᠡᠴᠢᠯᠡᠬᠡᠨ ᠤ ᠶᠡᠭᠡ ᠲᠢᠩᠬᠢᠮ ᠤᠨ ᠠᠵᠢᠯᠯᠠᠭᠠᠨ ᠤ ᠳᠤᠮᠳᠠ ᠣᠷᠣᠰᠢᠵᠤ ᠪᠠᠶᠢᠭ᠎ᠠ ᠲᠣᠪᠤᠶᠢᠮ᠎ᠠ ᠠᠰᠠᠭᠤᠳᠠᠯ ᠢ | ᠵᠣᠬᠢᠴᠠᠭᠤᠯᠤᠨ ᠰᠢᠢᠳᠪᠦᠷᠢᠯᠡᠵᠦ᠂ ᠵᠠᠰᠠᠭ ᠤᠨ ᠶᠠᠪᠤᠳᠠᠯ ᠤᠨ ᠶᠡᠭᠡ ᠲᠢᠩᠬᠢᠮ ᠤᠨ ᠠᠵᠢᠯᠯᠠᠭᠠᠨ ᠤ ᠡᠮᠬᠢ ᠵᠢᠷᠤᠮ ᠢ ᠤᠯᠠᠮ | ᠨᠢᠭᠡ ᠠᠯᠬᠤᠮ ᠵᠢᠷᠤᠮᠵᠢᠭᠤᠯᠤᠨ᠂ ᠣᠯᠠᠨ ᠲᠦᠮᠡᠨ ᠤ ᠠᠵᠢᠯ ᠶᠠᠪᠤᠳᠠᠯ ᠰᠢᠢᠳᠪᠦᠷᠢᠯᠡᠬᠦ ᠳᠤ ᠦᠨᠡᠨ ᠬᠦ ᠲᠥᠬᠦᠮ | ᠦᠵᠡᠭᠦᠯᠪᠡ᠃ ᠬᠤᠰᠢᠭᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠵᠠᠰᠠᠭ ᠤᠨ ᠣᠷᠳᠣᠨ ᠤ ᠳᠡᠳ᠋ ᠬᠤᠰᠢᠭᠤᠨ | ᠳᠠᠷᠤᠭ᠎ᠠ᠂ ᠨᠠᠮ ᠤᠨ ᠬᠤᠷᠢᠶ᠎ᠠ ᠶᠢᠨ ᠠᠯᠪᠠᠨ ᠬᠡᠷ ᠤᠨ ᠡᠷᠬᠢᠯᠡᠭᠴᠢ ᠯᠢ ᠪᠢᠨ ᠬᠤᠷᠠᠯ ᠳᠤ ᠣᠷᠣᠯᠴᠠᠵᠤ ᠶᠠᠷᠢᠶ᠎ᠠ ᠲᠠᠯᠪᠢᠪᠠ᠃ | | | | | ᠯᠢ ᠪᠢᠨ ᠵᠢᠭᠠᠵᠤ ᠭᠠᠷᠭᠠᠭᠰᠠᠨ ᠨᠢ᠂ ᠡᠯ᠎ᠡ ᠰᠠᠯᠠᠭ᠎ᠠ ᠮᠥᠴᠢᠷ ᠤᠨ ᠬᠢᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ | ᠠᠵᠢᠯ ᠢ ᠰᠠᠶᠢᠲᠤᠷ ᠬᠢᠬᠦ ᠪᠣᠯ ᠵᠠᠰᠠᠭ ᠤᠨ ᠣᠷᠳᠣᠨ ᠤ ᠡᠭᠦᠷᠭᠡ ᠴᠢᠳᠠᠪᠬᠢ ᠶᠢ ᠬᠤᠪᠢᠷᠠᠭᠤᠯᠬᠤ ᠶᠠᠪᠤᠳᠠᠯ ᠮᠥᠨ᠂ | ᠦᠢᠯᠡᠴᠢᠯᠡᠭᠡᠨ ᠤ ᠬᠡᠯᠪᠡᠷᠢ ᠶᠢᠨ ᠵᠠᠰᠠᠭ ᠤᠨ ᠣᠷᠳᠣᠨ᠂ ᠬᠠᠤᠯᠢ ᠳᠦᠷᠢᠮ ᠤᠨ ᠬᠡᠯᠪᠡᠷᠢ ᠶᠢᠨ ᠵᠠᠰᠠᠭ ᠤᠨ ᠣᠷᠳᠣᠨ ᠢ | ᠪᠠᠶᠢᠭᠤᠯᠬᠤ ᠶᠢᠨ ᠵᠠᠶᠢᠯᠠᠰᠢ ᠦᠭᠡᠶ ᠱᠠᠭᠠᠷᠳᠠᠯᠭ᠎ᠠ᠂ ᠪᠠᠶᠢᠭᠤᠯᠤᠯᠭ᠎ᠠ ᠶᠢᠨ ᠰᠤᠷᠲᠠᠯ ᠢ ᠰᠠᠶᠢᠵᠢᠷᠠᠭᠤᠯᠬᠤ᠂ ᠬᠤᠳᠠᠯᠳᠤᠭ᠎ᠠ | ᠡᠷᠭᠢᠯᠡᠬᠦ ᠣᠷᠴᠢᠨ ᠲᠣᠭᠤᠷᠢᠨ ᠢ ᠰᠢᠯᠢᠳᠡᠭᠵᠢᠭᠦᠯᠬᠦ᠂ ᠨᠠᠮ ᠪᠠ ᠣᠯᠠᠨ ᠲᠦᠮᠡᠨ᠂ ᠺᠠᠳ᠋ᠷ ᠪᠠ ᠣᠯᠠᠨ ᠲᠦᠮᠡᠨ ᠤ | ᠬᠠᠷᠢᠴᠠᠭ᠎ᠠ ᠶᠢ ᠨᠢᠭᠲᠠᠷᠠᠭᠤᠯᠬᠤ᠂ ᠨᠡᠶᠢᠭᠡᠮ ᠤᠨ ᠡᠶ᠎ᠡ ᠵᠣᠬᠢᠴᠠᠯ ᠢ ᠠᠬᠢᠭᠤᠯᠬᠤ ᠴᠢᠬᠤᠯᠠ ᠠᠷᠭ᠎ᠠ ᠬᠡᠮᠵᠢᠶ᠎ᠡ ᠮᠥᠨ᠂ ᠡᠯ᠎ᠡ | ᠬᠠᠮᠢᠶ᠎ᠠ ᠪᠥᠬᠦᠶ ᠰᠠᠯᠠᠭ᠎ᠠ ᠮᠥᠴᠢᠷ ᠤᠳ ᠵᠠᠰᠠᠭ ᠤᠨ ᠶᠠᠪᠤᠳᠠᠯ ᠤᠨ ᠦᠢᠯᠡᠴᠢᠯᠡᠭᠡ ᠪᠠ ᠴᠣᠩᠬᠤᠪᠴᠢ ᠶᠢᠨ ᠠᠵᠢᠯ ᠢ ᠰᠠᠶᠢᠲᠤᠷ | ᠬᠢᠬᠦ ᠬᠠᠷᠢᠭᠤᠴᠠᠯᠭᠠᠲᠤ ᠰᠡᠳᠬᠢᠯᠭᠡ ᠪᠠ ᠲᠤᠯᠭᠠᠮ᠎ᠠ ᠰᠡᠳᠬᠢᠯᠭᠡ ᠪᠠᠨ ᠦᠨᠡᠨᠬᠦ ᠴᠢᠩᠭᠠᠳᠬᠠᠵᠤ᠂ ᠣᠷᠣᠵᠤ ᠰᠠᠭᠤᠬᠤ | ᠠᠵᠢᠯ ᠢ ᠰᠠᠶᠢᠲᠤᠷ ᠬᠢᠵᠦ᠂ ᠴᠣᠩᠬᠤᠪᠴᠢ ᠶᠢᠨ ᠦᠢᠯᠡᠴᠢᠯᠡᠭᠡ ᠶᠢ ᠰᠠᠶᠢᠲᠤᠷ ᠬᠢᠵᠦ᠂ ᠠᠵᠤ ᠠᠬᠤᠶ ᠨᠡᠶᠢᠭᠡᠮ ᠤᠨ | ᠬᠥᠭᠵᠢᠯᠲᠡ ᠶᠢᠨ ᠳᠤᠮᠳᠠᠬᠢ ᠵᠠᠰᠠᠭ ᠤᠨ ᠶᠠᠪᠤᠳᠠᠯ ᠤᠨ ᠶᠡᠭᠡ ᠲᠢᠩᠬᠢᠮ ᠤᠨ ᠴᠢᠬᠤᠯᠠ ᠦᠢᠯᠡᠳᠣᠯ ᠢ ᠭᠦᠢᠴᠡᠳ | ᠪᠠᠳᠠᠷᠠᠭᠤᠯᠬᠤ ᠬᠡᠷᠡᠭᠲᠡᠶ᠃ | ᠯᠢ ᠪᠢᠨ ᠴᠢᠬᠤᠯᠠᠴᠢᠯᠠᠭᠰᠠᠨ ᠨᠢ᠂ ᠵᠠᠰᠠᠭ ᠤᠨ ᠶᠠᠪᠤᠳᠠᠯ ᠤᠨ ᠭᠤᠣᠯ ᠠᠵᠢᠯ ᠢ ᠰᠠᠶᠢᠲᠤᠷ ᠬᠢᠵᠦ᠂ | ᠭᠤᠣᠯᠳᠠᠯᠭ᠎ᠠ ᠲᠠᠢ ᠪᠠᠷ ᠳᠦᠷᠢᠮ ᠤᠨ ᠪᠠᠶᠢᠭᠤᠯᠤᠯᠲᠠ᠂ ᠠᠵᠢᠯᠲᠠᠨ ᠤ ᠲᠣᠬᠢᠷᠠᠭᠤᠯᠤᠯᠲᠠ᠂ ᠬᠢᠨᠠᠯᠲᠠ ᠬᠠᠮᠢᠶᠠᠷᠤᠯᠲᠠ ᠶᠢ | ᠰᠠᠶᠢᠲᠤᠷ ᠠᠳᠬᠤᠵᠤ᠂ ᠪᠠᠷᠢᠮᠵᠢᠶᠠᠵᠢᠭᠤᠯᠬᠤ ᠶᠢ ᠪᠠᠷᠢᠮᠲᠠᠯᠠᠨ᠂ ᠵᠢᠷᠤᠮᠵᠢᠭᠤᠯᠬᠤ ᠶᠢ ᠳᠣᠪᠤᠶᠢᠯᠭᠠᠵᠤ᠂ ᠵᠠᠰᠠᠭ ᠵᠠᠬᠢᠷᠭᠠᠨ ᠤ | ᠬᠢᠨᠠᠨ ᠵᠥᠪᠰᠢᠶᠡᠷᠡᠬᠦ ᠥᠭᠡᠷᠡᠴᠢᠯᠡᠯᠲᠡ ᠶᠢ ᠤᠯᠠᠮ ᠨᠢᠭᠡ ᠠᠯᠬᠤᠮ ᠭᠦᠨᠵᠡᠭᠡᠶᠢᠷᠡᠭᠦᠯᠬᠦ᠂ ᠶᠡᠭᠡ ᠲᠢᠩᠬᠢᠮ ᠤᠨ ᠬᠠᠲᠠᠭᠤ | ᠬᠡᠷᠡᠭᠰᠡᠯ ᠤᠨ ᠪᠠᠶᠢᠭᠤᠯᠤᠯᠲᠠ᠂ ᠠᠵᠢᠯ ᠶᠠᠪᠤᠳᠠᠯ ᠭᠦᠢᠴᠡᠳᠭᠡᠬᠦ ᠲᠦᠷᠢᠮ ᠤᠨ ᠵᠢᠷᠤᠮᠵᠢᠭᠤᠯᠤᠯᠲᠠ ᠶᠢᠨ ᠪᠠᠶᠢᠭᠤᠯᠤᠯᠲᠠ᠂ | ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠪᠠᠷᠢᠮᠵᠢᠶᠠᠵᠢᠭᠤᠯᠤᠯᠲᠠ ᠶᠢᠨ ᠪᠠᠶᠢᠭᠤᠯᠤᠯᠲᠠ᠂ ᠪᠡᠯᠡᠳᠬᠡᠮᠵᠢ ᠶᠢᠨ | ᠪᠠᠷᠢᠮᠵᠢᠶᠠᠵᠢᠭᠤᠯᠤᠯᠲᠠ ᠶᠢᠨ ᠪᠠᠶᠢᠭᠤᠯᠤᠯᠲᠠ ᠵᠡᠷᠭᠡ ᠲᠠᠯ᠎ᠠ ᠪᠠᠷ ᠦᠨᠡᠨᠬᠦ ᠶᠡᠭᠡ ᠬᠦᠴᠦ ᠣᠷᠣᠭᠤᠯᠵᠤ᠂ ᠵᠠᠰᠠᠭ ᠤᠨ | ᠶᠠᠪᠤᠳᠠᠯ ᠤᠨ ᠶᠡᠭᠡ ᠲᠢᠩᠬᠢᠮ ᠤᠨ ᠵᠢᠷᠤᠮᠵᠢᠯ ᠲᠠᠢ᠂ ᠠᠷᠢᠭᠤᠨ ᠴᠢᠬᠡᠴᠢ᠂ ᠥᠨᠳᠥᠷ ᠪᠦᠲᠦᠮᠵᠢᠲᠡᠶ ᠠᠵᠢᠯᠯᠠᠭᠠᠨ ᠳᠤ ᠴᠢᠩᠭ᠎ᠠ | ᠬᠦᠴᠦᠲᠡᠶ ᠲᠦᠷᠢᠮ ᠤᠨ ᠪᠠᠲᠤᠯᠠᠭ᠎ᠠ ᠬᠠᠩᠭᠠᠬᠤ ᠬᠡᠷᠡᠭᠲᠡᠶ︔ ᠡᠯ᠎ᠡ ᠨᠢᠭᠡᠴᠡ ᠶᠢᠨ ᠬᠢᠨ ᠳᠦᠷᠢ ᠲᠥᠷᠬᠦ ᠶᠢᠨ ᠤᠬᠠᠮᠰᠠᠷ᠂ | ᠪᠦᠬᠦ ᠲᠠᠯ᠎ᠠ ᠶᠢᠨ ᠤᠬᠠᠮᠰᠠᠷ ᠪᠣᠯᠤᠨ ᠬᠠᠷᠢᠭᠤᠴᠠᠯᠭ᠎ᠠ ᠶᠢᠨ ᠤᠬᠠᠮᠰᠠᠷ ᠲᠠᠢ ᠪᠠᠶᠢᠵᠤ᠂ ᠴᠤᠩᠬᠤᠪᠴᠢ ᠶᠢ ᠦᠨᠡᠨᠬᠦ ᠤᠯᠠᠨ | ᠲᠦᠮᠡᠨ ᠲᠠᠢ ᠬᠠᠷᠢᠯᠴᠠᠬᠤ ᠬᠤᠯᠪᠣᠭᠠᠰᠤ᠂ ᠨᠡᠶᠢᠭᠡᠮ ᠳᠤ ᠦᠢᠯᠡᠴᠢᠯᠡᠬᠦ ᠬᠥᠭᠦᠷᠭᠡ ᠪᠣᠯᠭᠠᠵᠤ᠂ ᠤᠯᠠᠨ ᠲᠦᠮᠡᠨ ᠤ | ᠰᠠᠨᠠᠭᠠᠨ ᠳᠤ ᠨᠡᠶᠢᠴᠡᠭᠰᠡᠨ ᠭᠠᠳᠠᠭᠠᠳᠤ ᠴᠤᠩᠬᠤᠪᠴᠢ ᠶᠢᠨ ᠳᠦᠷᠢ ᠲᠥᠷᠬᠦ ᠶᠢ ᠬᠦᠴᠦᠯᠡᠨ ᠴᠣᠭᠴᠠᠯᠠᠬᠤ ᠬᠡᠷᠡᠭᠲᠡᠢ︔ ᠡᠯ᠎ᠡ | ᠴᠣᠩᠬᠤᠪᠴᠢ ᠨᠢᠭᠡᠴᠡ ᠨᠦᠭᠦᠳ ︽ᠬᠠᠤᠯᠢ ᠳᠤ ᠨᠡᠶᠢᠴᠡᠬᠦ ᠪᠥᠭᠡᠳ ᠵᠦᠶ ᠵᠣᠬᠢᠰᠲᠠᠶ᠂ ᠲᠠᠰ ᠳᠠᠷᠠᠭᠠᠯᠠᠯ ᠨᠢ ᠵᠢᠷᠤᠮᠵᠢᠯ ᠲᠠᠢ᠂ | ᠥᠨᠳᠥᠷ ᠦᠷ᠎ᠡ ᠪᠦᠲᠦᠮᠵᠢ ᠲᠠᠢ ᠲᠦᠷᠭᠡᠨ᠂ ᠠᠵᠢᠯ ᠶᠠᠪᠤᠳᠠᠯ ᠭᠦᠢᠴᠡᠳᠭᠡᠬᠦ ᠳᠤ ᠲᠥᠬᠦᠮ︾ ᠪᠠᠶᠢᠬᠤ ᠵᠠᠷᠴᠢᠮ ᠶᠣᠰᠣᠭᠠᠷ | ᠂ ᠨᠠᠶᠢᠳᠠᠪᠤᠷᠢᠵᠢᠭᠤᠯᠤᠯᠲᠠ ᠶᠢ ᠦᠳᠲᠡᠷ ᠲᠦᠷᠭᠡᠨ ᠰᠠᠶᠢᠲᠤᠷ ᠠᠳᠬᠤᠵᠤ᠂ ᠳᠣᠲᠣᠭᠠᠳᠤ ᠶᠢᠨ ᠬᠢᠨᠠᠨ ᠵᠥᠪᠰᠢᠶᠡᠷᠡᠬᠦ | ᠭᠤᠭᠴᠤᠭ᠎ᠠ ᠶᠢ ᠪᠠᠭᠠᠰᠬᠠᠨ᠂ ᠬᠢᠨᠠᠨ ᠵᠥᠪᠰᠢᠶᠡᠷᠡᠬᠦ ᠴᠤᠪᠤᠷᠠᠯ ᠢ ᠰᠢᠯᠢᠳᠡᠭᠵᠢᠭᠦᠯᠵᠦ᠂ ᠬᠢᠨᠠᠨ ᠵᠥᠪᠰᠢᠶᠡᠷᠡᠬᠦ ᠦᠷ᠎ᠡ | ᠪᠦᠲᠦᠮᠵᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠬᠡᠷᠡᠭᠲᠡᠶ︔ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ | ᠵᠦᠢᠯᠡᠰ ᠤᠨ ᠬᠦᠷᠢᠶ᠎ᠡ ᠬᠡᠪᠴᠢᠶ᠎ᠡ ᠶᠢ ᠲᠣᠳᠣᠷᠬᠠᠶᠢᠯᠠᠵᠤ᠂ ᠠᠵᠢᠯ ᠲᠥᠷᠥᠯ ᠤᠨ ᠭᠤᠤᠯᠴᠢᠯᠠᠨ ᠬᠠᠮᠢᠶᠠᠷᠬᠤ ᠰᠠᠯᠠᠭ᠎ᠠ | ᠮᠥᠴᠢᠷ ᠨᠢ ᠲᠤᠬᠠᠶᠢᠯᠠᠭᠰᠠᠨ ᠠᠵᠢᠯ ᠤᠨ ᠬᠤᠪᠢᠷᠠᠯᠲᠠ ᠪᠠ ᠬᠡᠷᠡᠭᠵᠢᠭᠦᠯᠦᠭᠰᠡᠨ ᠪᠠᠶᠢᠳᠠᠯ ᠢᠶᠠᠨ ᠦᠨᠳᠦᠰᠦᠯᠡᠨ ᠴᠠᠭ | ᠲᠤᠬᠠᠶ ᠳᠤᠨᠢ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠲᠣᠪᠴᠢᠶ᠎ᠠ ᠳᠤ ᠵᠠᠰᠠᠭ ᠤᠨ ᠶᠠᠪᠤᠳᠠᠯ ᠤᠨ | ᠦᠢᠯᠡᠴᠢᠯᠡᠬᠡᠨ ᠤ ᠵᠦᠢᠯᠡᠰ ᠤᠨ ᠦᠨᠳᠦᠰᠦᠨ ᠭᠠᠷᠴᠠᠭ ᠪᠤᠶᠤ ᠬᠡᠷᠡᠭᠵᠢᠭᠦᠯᠬᠦ ᠨᠠᠷᠢᠨ ᠬᠠᠭᠤᠳᠠᠰᠤ ᠳᠤ ᠲᠣᠬᠢᠷᠠᠭᠤᠯᠤᠯᠲᠠ | ᠬᠢᠬᠦ ᠭᠤᠶᠤᠴᠢᠯᠠᠯ ᠢᠶᠠᠨ ᠳᠤᠷᠠᠳᠬᠤ ᠬᠡᠷᠡᠭᠲᠡᠶ︔ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠵᠦᠢᠯᠡᠰ ᠤᠨ | ᠬᠡᠷᠡᠭᠵᠢᠭᠦᠯᠦᠯᠲᠡ ᠶᠢᠨ ᠨᠠᠷᠢᠨ ᠲᠠᠩᠰᠠ ᠶᠢ ᠴᠢᠩᠭ᠎ᠠ ᠵᠢᠷᠤᠮᠯᠠᠨ ᠠᠵᠢᠯ ᠶᠠᠪᠤᠳᠠᠯ ᠭᠦᠢᠴᠡᠳᠭᠡᠬᠦ ᠦᠢᠯᠡᠴᠢᠯᠡᠭᠡ ᠬᠠᠩᠭᠠᠵᠤ᠂ | ︽ᠬᠡᠨ ᠬᠢᠨᠠᠨ ᠵᠥᠪᠰᠢᠶᠡᠷᠡᠪᠡᠯ ᠬᠡᠨ ᠬᠢᠨᠠᠨ ᠬᠠᠮᠢᠶᠠᠷᠬᠤ᠂ ᠬᠡᠨ ᠭᠤᠤᠯᠴᠢᠯᠠᠨ ᠬᠠᠮᠢᠶᠠᠷᠪᠠᠯ ᠬᠡᠨ ᠬᠢᠨᠠᠨ ᠬᠠᠮᠢᠶᠠᠷᠬᠤ︾ | ᠵᠠᠷᠴᠢᠮ ᠶᠣᠰᠣᠭᠠᠷ᠂ ᠬᠢᠨᠠᠨ ᠬᠠᠮᠢᠶᠠᠷᠬᠤ ᠶᠢ ᠵᠣᠯᠭᠠᠭᠤᠯᠬᠤ ᠲᠣᠭᠲᠠᠴᠠ ᠶᠢ ᠪᠦᠷᠢᠨᠰᠢᠬᠦᠯᠵᠦ᠂ ᠬᠢᠨᠠᠨ ᠵᠥᠪᠰᠢᠶᠡᠷᠡᠬᠦ ᠪᠠ | ᠬᠢᠨᠠᠨ ᠬᠠᠮᠢᠶᠠᠷᠬᠤ ᠮᠡᠳᠡᠭᠡ ᠵᠠᠩᠭᠢ ᠶᠢ ᠴᠠᠭ ᠲᠤᠬᠠᠶ ᠳᠤᠨᠢ ᠬᠠᠮᠲᠤᠪᠠᠷ ᠭᠥᠷᠳᠡᠬᠦ ᠶᠢ ᠪᠡᠶᠡᠯᠡᠭᠦᠯᠬᠦ ᠬᠡᠷᠡᠭᠲᠡᠶ︔ ᠡᠯ᠎ᠡ ᠰᠠᠯᠠᠭ᠎ᠠ | ᠮᠥᠴᠢᠷ ᠤᠨ ᠬᠢᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠠᠵᠢᠯ ᠢ ᠰᠠᠶᠢᠲᠤᠷ ᠬᠢᠬᠦ ᠶᠢᠨ ᠴᠢᠬᠤᠯᠠ ᠶᠡᠭᠡ ᠠᠴᠢ | ᠬᠤᠯᠪᠣᠭᠳᠠᠯ ᠢ ᠭᠦᠢᠴᠡᠳ ᠲᠠᠨᠢᠵᠤ᠂ ᠦᠢᠯᠡᠴᠢᠯᠡᠬᠡᠨ ᠤ ᠤᠬᠠᠮᠰᠠᠷ ᠢᠶᠠᠨ ᠤᠯᠠᠮ ᠨᠢᠭᠡ ᠠᠯᠬᠤᠮ ᠴᠢᠩᠭᠠᠳᠬᠠᠵᠤ᠂ | ᠠᠵᠢᠯ ᠤᠨ ᠰᠤᠷᠲᠠᠯ ᠢᠶᠠᠨ ᠦᠨᠡᠨ ᠬᠦ ᠬᠤᠪᠢᠷᠠᠭᠤᠯᠵᠤ᠂ ᠵᠠᠬ᠎ᠠ ᠳᠡᠯᠭᠡᠭᠦᠷ ᠤᠨ ᠭᠤᠤᠯ ᠴᠣᠭᠴᠠ ᠳᠤ ᠵᠢᠷᠤᠮᠵᠢᠭᠰᠠᠨ᠂ | ᠲᠥᠬᠦᠮ᠂ ᠥᠨᠳᠥᠷ ᠦᠷ᠎ᠡ ᠪᠦᠲᠦᠮᠵᠢᠲᠡᠶ ᠵᠠᠰᠠᠭ ᠤᠨ ᠶᠠᠪᠤᠳᠠᠯ ᠤᠨ ᠦᠢᠯᠡᠴᠢᠯᠡᠭᠡ ᠬᠠᠩᠭᠠᠵᠤ᠂ ᠦᠵᠡᠯ ᠰᠠᠨᠠᠭ᠎ᠠ ᠪᠠᠨ | ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠠᠵᠢᠯ ᠤᠨ | ᠶᠡᠷᠦᠩᠬᠡᠶ ᠪᠠᠶᠢᠷᠢᠯᠠᠭᠤᠯᠤᠯᠲᠠ ᠪᠠ ᠱᠠᠭᠠᠷᠳᠠᠯᠭ᠎ᠠ ᠳᠡᠭᠡᠷ᠎ᠡ ᠨᠢᠭᠡᠳᠬᠡᠵᠦ᠂ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ | ᠠᠵᠢᠯ ᠢ ᠲᠣᠰ ᠨᠢᠭᠡᠴᠡ ᠶᠢᠨ ᠢᠶᠠᠨ ᠴᠢᠬᠤᠯᠠ ᠠᠵᠢᠯ ᠤᠨ ᠠᠭᠤᠯᠭ᠎ᠠ ᠳᠤ ᠢᠳᠡᠪᠬᠢᠲᠡᠶ ᠣᠷᠣᠭᠤᠯᠤᠨ᠂ ᠴᠢᠬᠤᠯᠠ | ᠪᠠᠶᠢᠷᠢᠨ ᠳᠤ ᠲᠠᠯᠪᠢᠵᠤ᠂ ᠢᠮᠠᠭᠲᠠ ᠳᠡᠭᠡᠳᠦ ᠬᠡᠮᠵᠢᠶ᠎ᠡ ᠪᠠᠷ ᠴᠢᠬᠤᠯᠠᠴᠢᠯᠠᠬᠤ ᠶᠢᠨ ᠬᠠᠮᠲᠤ ᠲᠤᠤᠱᠲᠠᠶ ᠶᠠᠪᠤᠭᠳᠠᠭᠤᠯᠤᠨ᠎ᠠ᠃ | ᠪᠣᠳᠠᠲᠠᠶ ᠪᠠᠷ ᠬᠡᠯᠡᠪᠡᠯ᠂ ᠳᠠᠷᠤᠶ ᠦᠨᠡᠨ ᠰᠡᠳᠬᠢᠯ ᠠᠴᠠ ᠪᠠᠨ ᠤᠯᠠᠨ ᠲᠦᠮᠡᠨ᠂ ᠠᠵᠤ ᠠᠬᠤᠶᠢᠯᠠᠯ ᠳᠤ ᠦᠢᠯᠡᠴᠢᠯᠡᠵᠦ᠂ | ᠦᠨᠳᠦᠰᠦᠨ ᠱᠠᠲᠤᠨ ᠳᠤ ᠦᠢᠯᠡᠴᠢᠯᠡᠵᠦ᠂ ᠨᠡᠶᠢᠭᠡᠮ ᠳᠤ ᠦᠢᠯᠡᠴᠢᠯᠡᠵᠦ᠂ ᠬᠥᠭᠵᠢᠯᠲᠡ ᠳᠤ ᠦᠢᠯᠡᠴᠢᠯᠡᠬᠦ ᠶᠠᠪᠤᠳᠠᠯ | ᠪᠣᠯᠤᠨ᠎ᠠ᠃ | ᠯᠢ ᠪᠢᠨ ᠱᠠᠭᠠᠷᠳᠠᠭᠰᠠᠨ ᠨᠢ᠂ ᠠᠵᠢᠯ ᠤᠨ ᠡᠷᠴᠢᠮ ᠢᠶᠠᠨ ᠤᠯᠠᠮ ᠨᠢᠭᠡ ᠠᠯᠬᠤᠮ ᠴᠢᠩᠭᠠᠷᠠᠭᠤᠯᠵᠤ᠂ | ᠦᠢᠯᠡᠴᠢᠯᠡᠭᠡᠨ ᠤ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠪᠠᠷ ᠪᠠᠲᠤᠯᠠᠭ᠎ᠠ ᠪᠣᠯᠭᠠᠵᠤ᠂ ᠦᠢᠯᠡᠴᠢᠯᠡᠭᠡᠨ ᠤ ᠬᠢᠷᠢ | ᠲᠦᠪᠰᠢᠨ ᠢ ᠳᠡᠭᠡᠭᠰᠢᠯᠡᠭᠦᠯᠬᠦ ᠪᠠᠷ ᠬᠠᠷᠠᠯᠲᠠ ᠪᠣᠯᠭᠠᠵᠤ᠂ ︽ᠬᠢᠨᠠᠨ ᠵᠥᠪᠰᠢᠶᠡᠷᠡᠬᠦ ᠭᠤᠭᠴᠤᠭ᠎ᠠ ᠬᠠᠮᠤᠭ ᠤᠨ ᠴᠥᠭᠡᠨ᠂ | ᠠᠵᠢᠯ ᠤᠨ ᠦᠷ᠎ᠡ ᠪᠦᠲᠦᠮᠵᠢ ᠪᠠᠷ ᠬᠠᠮᠤᠭ ᠤᠨ ᠥᠨᠳᠥᠷ᠂ ᠲᠥᠷᠥᠯ ᠵᠦᠢᠯ ᠤᠨ ᠪᠥᠲᠥᠭᠡᠨ ᠪᠠᠶᠢᠭᠤᠯᠤᠯᠲᠠ ᠬᠠᠮᠤᠭ ᠤᠨ | ᠲᠦᠷᠭᠡᠨ᠂ ᠬᠥᠭᠵᠢᠯᠲᠡ ᠶᠢᠨ ᠥᠪᠡᠷ ᠤᠨ ᠥᠷᠲᠡᠭ ᠬᠠᠮᠤᠭ ᠤᠨ ᠳᠣᠤᠷ᠎ᠠ᠂ ᠨᠡᠶᠢᠭᠡᠮ ᠤᠨ ᠢᠲᠡᠭᠡᠯ ᠬᠦᠨᠳᠦ ᠪᠠᠷ | ᠬᠠᠮᠤᠭ ᠤᠨ ᠰᠠᠶᠢᠨ︾ ᠲᠡᠷᠢᠭᠦᠨ ᠤ ᠬᠥᠭᠵᠢᠯᠲᠡ ᠶᠢᠨ ᠣᠷᠴᠢᠨ ᠲᠣᠭᠤᠷᠢᠨ ᠢ ᠪᠥᠬᠦ ᠬᠦᠴᠦᠨ ᠢᠶᠠᠷ ᠢᠶᠠᠨ ᠪᠣᠶ ᠪᠣᠯᠭᠠᠵᠤ᠂ | ᠪᠥᠬᠦ ᠬᠤᠰᠢᠭᠤᠨ ᠤ ᠬᠤᠳᠠᠯᠳᠤᠭ᠎ᠠ ᠡᠷᠭᠢᠯᠡᠬᠦ ᠣᠷᠴᠢᠨ ᠲᠣᠭᠤᠷᠢᠨ ᠢ ᠰᠢᠯᠢᠳᠡᠭᠵᠢᠭᠦᠯᠬᠦ ᠳᠤ ᠪᠠᠲᠤ ᠪᠠᠬᠢ ᠰᠠᠭᠤᠷᠢ ᠲᠠᠯᠪᠢᠵᠤ | ᠂ ᠬᠤᠳᠠᠯᠳᠤᠭᠠᠴᠢᠨ ᠤᠷᠢᠵᠤ ᠪᠠᠯᠠ ᠣᠷᠣᠭᠤᠯᠬᠤ ᠪᠠ ᠠᠵᠤ ᠠᠬᠤᠶᠢᠯᠠᠯ ᠤᠨ ᠬᠥᠭᠵᠢᠯᠲᠡ ᠪᠠᠨ ᠲᠦᠷᠭᠡᠳᠬᠡᠬᠦ ᠳᠤ | ᠨᠥᠬᠦᠴᠡᠯ ᠪᠦᠷᠢᠯᠳᠦᠭᠦᠯᠵᠦ᠂ ᠪᠥᠬᠦ ᠬᠤᠰᠢᠭᠤᠨ ᠤ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠣᠷᠴᠢᠨ ᠲᠣᠭᠤᠷᠢᠨ ᠢ | ᠰᠢᠯᠢᠳᠡᠭᠵᠢᠭᠦᠯᠬᠦ ᠳᠤ ᠦᠵᠡᠭᠦᠯᠪᠡᠰᠦ ᠵᠣᠬᠢᠬᠤ ᠬᠤᠪᠢ ᠨᠡᠮᠡᠷᠢ ᠪᠠᠨ ᠦᠵᠡᠭᠦᠯᠦᠨ᠎ᠡ᠃ | ᠬᠤᠷᠡᠯ ᠳᠡᠭᠡᠷ᠎ᠡ᠂ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠲᠣᠪᠴᠢᠶ᠎ᠠ᠂ ᠵᠠᠰᠠᠭ ᠤᠨ ᠶᠠᠪᠤᠳᠠᠯ ᠤᠨ | ᠲᠥᠪ ᠤᠨ ᠬᠠᠮᠢᠶ᠎ᠠ ᠪᠥᠬᠦᠶ ᠬᠠᠷᠢᠭᠤᠴᠠᠯᠭᠠᠲᠠᠨ 2021 ᠣᠨ ᠤ ᠶᠡᠭᠡ ᠲᠢᠩᠬᠢᠮ ᠤᠨ ᠠᠵᠢᠯᠯᠠᠭᠠᠨ ᠤ ᠪᠠᠶᠢᠳᠠᠯ ᠳᠤ | ᠳ᠋ᠦᠩᠨᠡᠯᠲᠡ ᠬᠢᠭᠰᠡᠨ ᠪᠥᠭᠡᠳ 2022 ᠣᠨ ᠤ ᠠᠵᠢᠯ ᠢ ᠪᠠᠶᠢᠷᠢᠯᠠᠭᠤᠯᠵᠠᠶ᠃ | ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠲᠣᠪᠴᠢᠶ᠎ᠠ᠂ ᠵᠠᠰᠠᠭ ᠤᠨ ᠶᠠᠪᠤᠳᠠᠯ ᠤᠨ ᠲᠥᠪ ᠤᠨ ᠪᠥᠬᠦ | ᠠᠵᠢᠯᠲᠠᠨ᠂ ᠲᠢᠩᠬᠢᠮ ᠳᠤ ᠰᠠᠭᠤᠭ᠎ᠠ ᠡᠯ᠎ᠡ ᠨᠢᠭᠡᠴᠡ ᠶᠢᠨ ᠭᠤᠤᠯ ᠤᠳᠤᠷᠢᠳᠤᠯᠭ᠎ᠠ ᠵᠢᠴᠢ ᠴᠣᠩᠬᠤᠨ ᠤ ᠬᠠᠷᠢᠭᠤᠴᠠᠯᠭᠠᠲᠠᠨ | ᠬᠤᠷᠠᠯ ᠳᠤ ᠣᠷᠣᠯᠴᠠᠵᠠᠶ᠃ | | | ᠵᠣᠬᠢᠶᠠᠭᠴᠢ᠄ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠬᠠᠮ ᠵᠠᠭᠤᠴᠢᠯᠠᠭᠤᠷ ᠤᠨ ᠲᠥᠪ | ᠣᠷᠴᠢᠭᠤᠯᠣᠨᠨᠴᠢ᠄ ᠭᠧ ᠲᠣᠸᠠᠨ ᠯᠢᠶᠡᠨ | | | | |