| | ︵1︶ ᠨᠢᠭᠡᠴᠡ ᠪᠠ ᠬᠤᠪᠢ ᠬᠦᠮᠦᠨ ᠪᠠᠷᠢᠮᠲᠠ ᠬᠡᠷᠡᠭᠯᠡᠭᠰᠡᠨ ᠤ ᠪᠦᠷᠢᠳᠭᠡᠬᠦ ᠳᠦᠷᠢᠮ ᠪᠠᠶᠢᠭᠤᠯᠵᠤ᠂ ᠪᠡᠷᠢᠮᠲᠠ | ᠪᠦᠷᠢᠳᠭᠡᠬᠦ ᠳᠡᠪᠲᠡᠷ ᠵᠤᠬᠢᠶᠠᠬᠤ ᠶᠢᠨ ᠬᠠᠮᠲᠤ ᠪᠠᠷᠢᠮᠲᠠ ᠬᠡᠷᠡᠭᠯᠡᠭᠰᠡᠨ ᠪᠠᠶᠢᠳᠠᠯ ᠢ ᠭᠤᠤᠯᠴᠢᠯᠠᠨ ᠬᠠᠮᠢᠶᠠᠷᠴᠦ ᠪᠦᠬᠦᠢ | ᠤᠯᠤᠰ ᠤᠨ ᠭᠠᠶᠢᠯᠢ ᠶᠢᠨ ᠶᠠᠪᠤᠳᠠᠯ ᠤᠨ ᠪᠠᠶᠢᠭᠤᠯᠭ᠎ᠠ ᠳᠤ ᠲᠣᠭᠲᠠᠮᠠᠯ ᠬᠤᠭᠤᠴᠠᠭ᠎ᠠ ᠲᠠᠢ ᠪᠠᠷ ᠮᠡᠳᠡᠭᠦᠯᠬᠦ ᠬᠡᠷᠡᠭᠲᠡᠢ᠃ | | ︵2︶ ᠨᠢᠭᠡᠴᠡ ᠪᠠ ᠬᠤᠪᠢ ᠬᠦᠮᠦᠨ ᠭᠠᠶᠢᠯᠢ ᠶᠢᠨ ᠶᠠᠪᠤᠳᠠᠯ ᠤᠨ ᠪᠦᠷᠢᠳᠭᠡᠯᠲᠡ ᠪᠠᠨ ᠬᠤᠪᠢᠷᠠᠭᠠᠬᠤ ᠪᠤᠶᠤ | ᠬᠦᠴᠦᠨ ᠦᠭᠡᠢ ᠪᠤᠯᠭᠠᠬᠤ ᠶᠢ ᠬᠦᠢᠴᠡᠳᠭᠡᠬᠦ ᠶᠢᠨ ᠵᠡᠷᠭᠡᠴᠡᠪᠡᠷ᠂ ᠪᠠᠷᠢᠮᠲᠠ ᠪᠠ ᠪᠠᠷᠢᠮᠲᠠ ᠬᠤᠳᠠᠯᠳᠤᠨ ᠠᠪᠤᠭᠰᠠᠨ | ᠳᠡᠪᠲᠡᠷ ᠢᠶᠠᠨ ᠬᠤᠪᠢᠷᠠᠭᠠᠬᠤ᠂ ᠲᠤᠰᠢᠶᠠᠵᠦ ᠬᠦᠴᠦᠨ ᠦᠭᠡᠢ ᠪᠤᠯᠭᠠᠬᠤ ᠭᠠᠷᠳᠠᠮ ᠢ ᠬᠦᠢᠴᠡᠳᠭᠡᠬᠦ ᠬᠡᠷᠡᠭᠲᠡᠢ᠃ | ︵3︶ ᠪᠠᠷᠢᠮᠲᠠ ᠬᠡᠷᠡᠭᠯᠡᠵᠦ ᠪᠠᠶᠢᠭ᠎ᠠ ᠨᠢᠭᠡᠴᠡ ᠪᠠ ᠬᠤᠪᠢ ᠬᠦᠮᠦᠨ ᠪᠠᠷᠢᠮᠲᠠ ᠶᠢ ᠲᠤᠬᠢᠲᠠᠢ ᠬᠠᠳᠠᠭᠠᠯᠠᠬᠤ ᠬᠡᠷᠡᠭᠲᠡᠢ᠂ | ᠬᠡᠬᠡᠵᠤ ᠪᠤᠯᠬᠤ ᠦᠭᠡᠢ᠃ ᠪᠠᠷᠢᠮᠲᠠ ᠶᠢ ᠬᠡᠬᠡᠪᠡᠯ᠂ ᠬᠡᠬᠡᠭᠰᠡᠨ ᠡᠳᠦᠷ ᠲᠤᠨᠢ ᠭᠤᠤᠯᠴᠢᠯᠠᠨ ᠬᠠᠮᠢᠶᠠᠷᠴᠦ ᠪᠦᠬᠦᠢ | ᠤᠯᠤᠰ ᠤᠨ ᠭᠠᠶᠢᠯᠢ ᠶᠢᠨ ᠶᠠᠪᠤᠳᠠᠯ ᠤᠨ ᠪᠠᠶᠢᠭᠤᠯᠭ᠎ᠠ ᠳᠤ ᠪᠢᠴᠢᠭᠯᠡᠭᠰᠡᠨ ᠬᠡᠯᠪᠡᠷᠢ ᠪᠠᠷ ᠮᠡᠳᠡᠭᠦᠯᠬᠦ ᠶᠢᠨ ᠬᠠᠮᠲᠤ᠂ | ᠰᠤᠨᠢᠨ ᠰᠡᠳᠭᠦᠯ ᠪᠠ ᠲᠧᠯᠸᠢᠰ ᠵᠡᠷᠭᠡ ᠳᠠᠮᠵᠢᠭᠤᠯᠬᠤ ᠵᠠᠭᠤᠴᠢᠯᠠᠭᠤᠷ ᠳᠡᠭᠡᠷ᠎ᠡ ᠬᠦᠴᠦᠨ ᠦᠭᠡᠢ ᠪᠤᠯᠭᠠᠬᠤ ᠶᠢ | ᠢᠯᠡ ᠪᠠᠷ ᠢᠯᠡᠷᠬᠡᠶᠢᠯᠡᠬᠦ ᠶᠢᠨ ᠬᠠᠮᠲᠤ᠂ ᠤᠯᠤᠰ ᠤᠨ ᠭᠠᠶᠢᠯᠢ ᠶᠢᠨ ᠶᠠᠪᠤᠳᠠᠯ ᠤᠨ ᠪᠠᠶᠢᠭᠤᠯᠭ᠎ᠠ ᠶᠢᠨ ᠲᠤᠷᠭᠠᠬᠤ ᠶᠢ | ᠬᠦᠯᠢᠶᠡᠬᠦ ᠬᠡᠷᠡᠭᠲᠡᠢ᠃ | ︵4︶ ᠪᠠᠷᠢᠮᠲᠠ ᠬᠢᠵᠦ ᠦᠭᠴᠦ ᠪᠦᠬᠦᠢ ᠨᠢᠭᠡᠴᠡ ᠪᠠ ᠬᠤᠪᠢ ᠬᠦᠮᠦᠨ ᠤᠯᠤᠰ ᠤᠨ ᠭᠠᠶᠢᠯᠢ ᠶᠢᠨ ᠶᠠᠪᠤᠳᠠᠯ ᠤᠨ | ᠪᠠᠶᠢᠭᠤᠯᠭ᠎ᠠ ᠶᠢᠨ ᠲᠤᠭᠲᠠᠭᠠᠯ ᠶᠤᠰᠤᠭᠠᠷ ᠪᠠᠷᠢᠮᠲᠠ ᠶᠢ ᠬᠠᠳᠠᠭᠠᠯᠠᠬᠤ ᠪᠠ ᠬᠠᠮᠢᠶᠠᠷᠬᠤ ᠬᠡᠷᠡᠭᠲᠡᠢ᠂ ᠳᠤᠷ᠎ᠠ ᠪᠠᠷ | ᠰᠦᠢᠳᠭᠡᠵᠤ ᠪᠤᠯᠬᠤ ᠦᠭᠡᠢ᠃ ᠨᠢᠭᠡᠨᠲᠡ ᠬᠢᠵᠦ ᠭᠠᠷᠭᠠᠭᠰᠠᠨ ᠪᠠᠷᠢᠮᠲᠠ ᠶᠢᠨ ᠦᠯᠡᠳᠡᠭᠡᠰᠦ ᠪᠠ ᠪᠠᠷᠢᠮᠲᠠ | ᠪᠦᠷᠢᠳᠭᠡᠭᠰᠡᠨ ᠳᠡᠪᠲᠡᠷ ᠢ ᠲᠠᠪᠤᠨ ᠵᠢᠯ ᠬᠠᠳᠠᠭᠠᠯᠠᠬᠤ ᠬᠡᠷᠡᠭᠲᠠᠢ᠃ ᠬᠠᠳᠠᠭᠠᠯᠠᠬᠤ ᠬᠤᠭᠤᠴᠠᠭ᠎ᠠ ᠨᠢ ᠳᠦᠭᠦᠷᠪᠡᠯ᠂ | ᠭᠤᠤᠯᠴᠢᠯᠠᠨ ᠬᠠᠮᠢᠶᠠᠷᠴᠦ ᠪᠦᠬᠦᠢ ᠤᠯᠤᠰ ᠤᠨ ᠭᠠᠶᠢᠯᠢ ᠶᠢᠨ ᠶᠠᠪᠤᠳᠠᠯ ᠤᠨ ᠪᠠᠶᠢᠭᠤᠯᠭ᠎ᠠ ᠳᠤ ᠮᠡᠳᠡᠭᠦᠯᠵᠦ | ᠪᠠᠶᠢᠴᠠᠭᠠᠯᠭᠠᠨ ᠰᠢᠯᠭᠠᠭᠤᠯᠤᠭᠰᠠᠨ ᠤ ᠳᠠᠷᠠᠭ᠎ᠠ ᠤᠰᠠᠳᠬᠠᠬᠤ ᠬᠡᠷᠡᠭᠲᠡᠢ᠃ | | |