ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤ᠄ ᠭᠠᠵᠠᠷ ᠰᠢᠷᠣᠶ ᠶᠢ ᠡᠷᠭᠢᠯᠳᠡ ᠳᠤ ᠤᠷᠤᠭᠤᠯᠤᠨ ᠲᠥᠮᠥᠰᠥ ᠳᠠᠷᠢᠵᠤ ᠲᠣᠰᠬᠤᠨ ᠤ ᠠᠷᠠᠳ ᠢ ᠳᠠᠶᠢᠴᠢᠯᠠᠨ ᠣᠷᠣᠯᠭ᠎ᠠ ᠶᠢ ᠨᠢ ᠨᠡᠮᠡᠭᠳᠡᠭᠦᠯᠵᠦ ᠪᠠᠶᠠᠵᠢᠭᠤᠯᠤᠨ᠎ᠠ
ᠨᠡᠶᠢᠲᠡᠯᠡᠭᠰᠡᠨ ᠴᠠᠭ᠄
2020/9/21
      2018 ᠣᠨ ᠠᠴᠠ ᠡᠬᠢᠯᠡᠨ᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤ ᠾᠧ ᠷᠠᠨ ᠲᠠᠷᠢᠶᠠᠴᠢᠨ ᠤ ᠲᠤᠰᠬᠠᠶ  ᠬᠤᠷᠰᠢᠶᠠᠵᠢᠯ ᠤᠨ ᠭᠠᠵᠠᠷ ᠰᠢᠷᠣᠶ ᠪᠠᠷ ᠲᠠᠮᠵᠢᠭᠤᠯᠤᠨ ᠲᠥᠮᠥᠰᠥ ᠵᠡᠷᠭᠡ ᠲᠠᠷᠢᠮᠠᠯ ᠲᠠᠷᠢᠵᠤ᠂ ᠬᠥᠳᠡᠭᠡ ᠲᠣᠰᠬᠤᠨ ᠤ ᠬᠥᠳᠡᠯᠮᠦᠷᠢ ᠬᠦᠴᠦᠨ ᠤ ᠠᠵᠢᠯ ᠣᠯᠭᠤᠯᠲᠠ ᠶᠢ ᠤᠯᠠᠮ ᠨᠢᠭᠡ ᠠᠯᠬᠤᠮ ᠰᠢᠢᠳᠪᠦᠷᠢᠯᠡᠬᠦ ᠶᠢᠨ ᠬᠠᠮᠲᠤ ᠡᠷᠭᠢᠨ ᠲᠣᠭᠤᠷᠢᠨ ᠤ ᠲᠣᠰᠬᠤᠨ ᠤ ᠠᠷᠠᠳ ᠢ ᠳᠠᠶᠢᠴᠢᠯᠠᠨ ᠣᠷᠣᠯᠭ᠎ᠠ ᠶᠢ ᠨᠢ ᠨᠡᠮᠡᠭᠳᠡᠭᠦᠯᠦᠨ ᠪᠠᠶᠠᠵᠢᠭᠤᠯᠪᠠ᠃

     ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠾᠧ ᠷᠠᠨ ᠲᠠᠷᠢᠶᠠᠴᠢᠨ ᠤ ᠲᠤᠰᠬᠠᠶ ᠬᠤᠷᠰᠢᠶᠠᠵᠢᠯ ᠤᠨ

ᠲᠠᠷᠢᠶᠠᠨ ᠭᠠᠵᠠᠷ ᠲᠤ 600 ᠮᠥ ᠰᠢᠬᠠᠮ ᠲᠥᠮᠥᠰᠥ ᠤᠷᠭᠤᠴᠠ ᠰᠠᠶᠢᠲᠠᠶ ᠪᠠᠶᠢᠵᠦ᠂ ᠲᠣᠰᠬᠤᠨ ᠤ ᠠᠷᠠᠳ ᠰᠢᠤᠢ

ᠰᠢᠶᠠᠨ ᠼᠠᠢ ᠶᠠᠭ ᠲᠠᠷᠢᠶᠠᠨ ᠭᠠᠵᠠᠷ ᠳᠠᠭᠠᠨ ᠶᠠᠭᠠᠷᠠᠯᠳᠠᠢ ᠠᠵᠢᠯᠯᠠᠵᠤ ᠪᠠᠶᠢᠯ᠎ᠠ᠃ ᠥᠩᠭᠡᠷᠡᠭᠰᠡᠨ ᠳᠤ ᠲᠡᠭᠦᠨ ᠤ ᠠᠵᠤ

ᠠᠬᠤᠢ ᠶᠢᠨ ᠭᠤᠣᠯ ᠣᠷᠣᠯᠭ᠎ᠠ ᠨᠢ ᠠᠷᠰᠠᠷ ᠠᠵᠢᠯ ᠬᠢᠬᠦ ᠪᠠ ᠭᠡᠷ  ᠵᠠᠭᠤᠷ᠎ᠠ ᠪᠠᠨ ᠲᠠᠷᠢᠶᠠᠨ ᠠᠵᠢᠯ  ᠭᠢᠬᠦ‌‍ᠪᠠᠷ ᠭᠤᠣᠯ

ᠪᠣᠯᠭᠠᠵᠤ ᠪᠠᠶᠢᠵᠠᠢ᠃ ᠰᠡᠭᠦᠯᠡᠷ ᠨᠢ ᠲᠣᠰᠬᠤᠨ ᠤ ᠬᠠᠮᠲᠤ ᠶᠢᠨ ᠠᠵᠤ ᠠᠬᠤᠶ ᠪᠤᠯᠬᠤ ᠾᠧ ᠷᠠᠨ ᠲᠠᠷᠢᠶᠠᠴᠢᠨ ᠤ

ᠲᠤᠰᠬᠠᠶ ᠬᠤᠷᠰᠢᠶᠠᠵᠢᠯ ᠪᠠᠶᠢᠭᠤᠯᠤᠭᠳᠠᠭᠰᠠᠨ ᠬᠤᠶᠢᠨ᠎ᠡ  ᠲᠡᠷᠡ  ᠬᠤᠷᠰᠢᠶᠠᠵᠢᠯ ᠳᠤ ᠢᠷᠡᠵᠦ  ᠭᠦᠴᠦᠨ ᠤ ᠠᠵᠢᠯ  

ᠭᠢᠵᠠᠢ  ᠃

    ᠬᠤᠩ ᠫᠠᠨ ᠰᠢᠶᠠᠩ ᠤᠨ ᠡᠯ ᠳ᠋ᠤᠤ ᠭᠸᠦ ᠾᠧ ᠢ ᠲᠣᠰᠬᠤᠨ ᠤ ᠠᠷᠠᠳ ᠰᠢᠤᠢ ᠰᠢᠶᠠᠨ ᠼᠠᠢ᠄ ︽ᠪᠢ

ᠬᠤᠷᠰᠢᠶᠠᠵᠢᠯ ᠳᠤ  ᠢᠷᠡᠵᠦ‌ᠠᠵᠢᠯ ᠬᠢᠭᠡᠳ 2 ᠵᠢᠯ  ᠢᠯᠡᠬᠦᠦ ᠪᠣᠯᠵᠤ ᠪᠠᠶᠢᠨ᠎ᠠ᠂ ᠰᠠᠷ᠎ᠠ ᠪᠦᠷᠢ   ᠲᠡᠭᠡᠨ 3000

ᠣᠷᠴᠢᠮ ᠤᠨ ᠴᠠᠯᠢᠩ ᠣᠯᠵᠤ᠂  ᠲᠡᠭᠡᠷ᠎ᠡ ᠨᠢ ᠪᠠᠰᠠ 150 ᠲᠥᠭᠦᠷᠢᠭ ᠨᠢᠭᠡ ᠮᠦ ᠭᠠᠵᠠᠷ ᠰᠢᠷᠣᠶ ᠶᠢ ᠰᠢᠯᠵᠢᠭᠦᠯᠵᠦ

᠂ ᠵᠢᠯ ᠤᠨ ᠡᠴᠦᠰ ᠲᠤ ᠬᠠᠮᠲᠤ  ᠶᠢᠨ ᠠᠰᠢᠭ ᠣᠷᠣᠯᠭ᠎ᠠ ᠶᠢᠨ ᠨᠢᠭᠡ ᠬᠡᠰᠡᠭ ︵ᠣᠷᠣᠯᠭ᠎ᠠ︶ ᠤᠯᠵᠦ ᠪᠠᠶᠢᠨ᠎ᠠ᠂

ᠤᠳᠤ ᠠᠮᠢᠳᠤᠷᠠᠯ ᠤᠤᠯ ᠠᠴᠠ ᠪᠠᠨ  ᠰᠠᠶᠢᠵᠢᠷᠠᠵᠠᠢ᠂ ᠭᠡᠷ ᠤᠨ ᠪᠠᠨ ᠤᠶᠢᠷᠠᠯᠴᠠᠭ᠎ᠠ‌ᠠᠵᠢᠯ  ᠭᠢᠵᠦ ᠲᠡᠶᠢᠯᠭᠦ

ᠪᠤᠯᠤᠭᠰᠠᠨ ᠴᠢᠨᠢ ᠦᠭᠡᠷ᠎ᠡ  ᠭᠡᠷ ᠵᠠᠭᠤᠷ᠎ᠠ ᠶᠢᠨ ᠠᠵᠢᠯ  ᠢ ᠴᠤ ᠰᠠᠭᠠᠲᠠᠬᠤ ᠦᠭᠡᠢ  ᠪᠤᠯᠤᠭᠰᠠᠨ ᠰᠢᠦ  ᠭᠡᠵᠦ

ᠪᠠᠶᠠᠷᠳᠠᠶᠢᠬᠠᠨ ᠶᠠᠷᠢᠵᠦ ᠪᠠᠶᠢᠯ᠎ᠠ᠃

     ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠾᠧ ᠢ ᠾᠧ ᠢ ᠲᠣᠰᠬᠤᠨ ᠤ ᠾᠧ ᠷᠠᠨ

ᠲᠠᠷᠢᠶᠠᠴᠢᠨ ᠤ ᠲᠤᠰᠬᠠᠶ ᠬᠤᠷᠰᠢᠶᠠᠵᠢᠯ ᠨᠢ 2018 ᠤᠨ ᠤ 11 ᠰᠠᠷ᠎ᠠ ᠳᠤ ᠪᠠᠶᠢᠭᠤᠯᠤᠭᠳᠠᠵᠠᠶ᠃  ᠮᠦᠨᠴᠦ

ᠬᠤᠩ ᠫᠠᠨ ᠰᠢᠶᠠᠩ ᠤᠨ ᠡᠯ ᠳ᠋ᠤᠤ ᠭᠸᠦ ᠵᠠᠰᠠᠭ ᠵᠠᠬᠢᠷᠭᠠᠨ ᠤ ᠲᠣᠰᠬᠤᠨ ᠤ ᠬᠠᠮᠲᠤ ᠶᠢᠨ ᠠᠵᠤ ᠠᠬᠤᠶ ᠪᠤᠯᠤᠨ᠎ᠠ᠂  

ᠬᠤᠷᠰᠢᠶᠠᠵᠢᠯ ᠨᠢ ᠲᠣᠰᠬᠤᠨ ᠤ 1000 ᠭᠠᠷᠤᠢ ᠮᠦ ᠭᠠᠵᠠᠷ ᠰᠢᠷᠣᠢ ᠶᠢ ᠡᠷᠭᠢᠯᠳᠦᠭᠦᠯᠵᠦ᠂ ᠲᠥᠮᠥᠰᠥ ᠪᠠ

ᠨᠣᠬᠠᠶ ᠶᠢᠨ ᠬᠤᠰᠢᠭᠤ ᠲᠠᠷᠢᠪᠠ᠃ ᠭᠠᠵᠠᠷ ᠰᠢᠷᠣᠶ ᠶᠢᠨ ᠡᠷᠭᠢᠯᠲᠡ ᠪᠠᠷ ᠳᠠᠮᠵᠢᠨ᠂ ᠭᠠᠵᠠᠷ ᠰᠢᠷᠣᠶ ᠶᠢᠨ ᠦᠷ᠎ᠡ

ᠠᠰᠢᠭ ᠳᠡᠭᠡᠭᠰᠢᠯᠡᠵᠦ᠂ ᠠᠵᠤ ᠦᠢᠯᠡᠰ ᠬᠥᠭᠵᠢᠵᠦ᠂ ᠲᠠᠷᠢᠶᠠᠴᠢᠳ ᠴᠦ ᠵᠢᠩᠬᠢᠨᠢ ᠪᠣᠳᠠᠲᠤ ᠠᠰᠢᠭ ᠬᠦᠷᠲᠡᠪᠡ᠃

     ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠾᠧ ᠷᠠᠨ ᠲᠠᠷᠢᠶᠠᠴᠢᠨ ᠤ ᠲᠤᠰᠬᠠᠶ  

ᠬᠤᠷᠰᠢᠶᠠᠵᠢᠯ ᠤᠨ ᠬᠠᠷᠢᠭᠤᠴᠠᠯᠭᠠᠳᠠᠨ  ᠄ ᠯᠢᠦ ᠵᠢᠶᠠᠨ ᠵᠢᠶᠦ᠋ᠨ᠄ ︽ᠡᠨᠡ ᠵᠢᠯ ᠮᠠᠨ ᠤ  ᠬᠤᠷᠰᠢᠶᠠᠵᠢᠯ 1000

ᠭᠠᠷᠤᠶ ᠮᠥ ᠭᠠᠵᠠᠷ ᠰᠢᠷᠣᠶ ᠪᠠᠨ ᠡᠷᠭᠢᠯᠲᠡ ᠳᠤ  ᠤᠷᠤᠭᠤᠯᠵᠦ᠂ ᠲᠥᠮᠥᠰᠥ ᠪᠠ ᠨᠣᠬᠠᠶ ᠶᠢᠨ ᠬᠤᠰᠢᠭᠤ ᠲᠠᠷᠢᠪᠠ᠃

ᠮᠠᠨ ᠤ ᠾᠧ ᠢ ᠲᠣᠰᠬᠤᠨ ᠤ ᠠᠷᠠᠳ ᠠᠳᠡ ᠢᠷᠡᠵᠦ ᠬᠦᠴᠦ ᠶᠠᠪᠤᠵᠤ᠂ ᠣᠷᠣᠯᠭ᠎ᠠ ᠪᠠᠨ ᠨᠡᠮᠡᠭᠳᠡᠭᠦᠯᠵᠦ ᠪᠣᠯᠤᠨ᠎ᠠ᠃

ᠵᠢᠯ ᠤᠨ ᠡᠴᠦᠰ ᠲᠤ ᠾᠧ ᠢ ᠲᠣᠰᠬᠤᠨ ᠤ ᠠᠷᠠᠳ ᠤᠨ ᠬᠠᠮᠲᠤ ᠶᠢᠨ ᠠᠵᠤ ᠠᠬᠤᠶ  ᠶᠢᠨ ᠠᠰᠢᠭ ᠬᠦᠷᠲᠡᠭᠡᠵᠦ᠂

ᠲᠣᠰᠬᠤᠨ ᠤ ᠠᠷᠠᠳ ᠲᠤ ᠨᠡᠯᠢᠶᠡᠳ ᠠᠰᠢᠭ  ᠭᠦᠷᠳᠡᠵᠦ᠂  ᠲᠡᠳᠡᠨ ᠢ ᠳᠠᠶᠢᠴᠢᠯᠠᠵᠤ ᠡᠷᠲᠡᠬᠡᠨ  ᠴᠢᠨᠡᠭᠡᠯᠢᠭᠵᠢᠭᠦᠯᠭᠦ

 ᠪᠠᠷ   ᠪᠤᠢ ᠭᠡᠯ᠎ᠠ᠃

      ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠾᠧ ᠷᠠᠨ ᠲᠠᠷᠢᠶᠠᠴᠢᠨ ᠤ ᠲᠤᠰᠬᠠᠶ ᠬᠤᠷᠰᠢᠶᠠᠵᠢᠯ

ᠨᠠᠩ ᠣᠯᠠᠨ ᠲᠠᠷᠢᠶᠠᠴᠢᠨ ᠡᠷᠦᠬᠡ ᠶᠢ ᠳᠠᠭᠠᠭᠤᠯᠤᠨ ᠬᠤᠷᠰᠢᠶᠠᠵᠢᠯ ᠳᠤ ᠣᠷᠣᠭᠤᠯᠵᠤ᠂ ᠭᠠᠵᠠᠷ ᠬᠠᠭᠠᠯᠪᠤᠷᠢᠯᠠᠬᠤ᠂

ᠭᠠᠵᠠᠷ ᠲᠡᠭᠰᠢᠯᠡᠬᠦ᠂ ᠦᠷ᠎ᠡ ᠲᠠᠷᠢᠬᠤ᠂  ᠮᠠᠰᠢᠨᠴᠢᠯᠠᠬᠤ᠂ ᠬᠤᠷᠢᠶᠠᠬᠤ ᠪᠦᠬᠦ ᠶᠠᠪᠤᠴᠠ ᠶᠢᠨ ᠲᠠᠷᠢᠶᠠᠯᠠᠩ ᠤᠨ

ᠮᠠᠰᠢᠨᠴᠢᠯᠠᠯᠲᠠ ᠶᠢᠨ ᠠᠵᠢᠯ ᠢ ᠪᠡᠶᠡᠯᠡᠭᠦᠯᠵᠦ᠂ ᠲᠠᠷᠢᠶᠠᠯᠠᠩ ᠤᠨ ᠦᠷ᠎ᠡ ᠠᠰᠢᠭ ᠢ ᠨᠡᠮᠡᠭᠳᠡᠭᠦᠯᠵᠦ᠂ ᠲᠠᠷᠢᠶᠠᠴᠢᠳ ᠤᠨ

ᠣᠷᠣᠯᠭ᠎ᠠ ᠶᠢ ᠨᠡᠮᠡᠭᠳᠡᠭᠦᠯᠬᠦ ᠳᠤ ᠪᠠᠲᠤ ᠪᠠᠬᠢ ᠰᠠᠭᠤᠷᠢ ᠶᠢ ᠲᠠᠯᠪᠢᠵᠤ ᠦᠭᠭᠦᠭᠰᠡᠨ ᠪᠠᠶᠢᠨ᠎ᠠ᠃

                         ᠵᠣᠬᠢᠶᠠᠭᠴᠢ᠄ ᠴᠠᠬᠠᠷ ᠪᠠᠷᠠᠭᠤᠨ ᠭᠠᠷᠤᠨ ᠳᠤᠮᠳᠠᠳᠤ

                         ᠬᠤᠰᠢᠭᠤᠨ ᠤ ᠬᠠᠮ ᠵᠠᠭᠤᠴᠢᠯᠠᠭᠤᠷ ᠤᠨ ᠲᠥᠪ

                         ᠤᠷᠴᠢᠭᠤᠯᠤᠭᠴᠢ᠄  ᠬᠠᠶᠢᠷᠬᠠᠨ 

 
ᠢᠷᠡᠯᠲᠡ᠄ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号