ᠢᠲᠡᠬᠡᠯ ᠪᠣᠯ ᠬᠥᠮᠥᠨ ᠤ ᠰᠠᠶᠢᠬᠠᠨ ᠠᠮᠢᠳᠤᠷᠠᠬᠤ ᠶᠢᠨ ᠰᠥᠭ ᠰᠥᠨᠡᠰᠥ ᠮᠥᠨ᠃ ᠢᠲᠡᠬᠡᠯ ᠬᠥᠮᠥᠨ ᠳᠤ | ᠠᠪᠢᠶᠠᠰ ᠪᠢᠯᠢᠭ᠂ ᠰᠦᠰᠥ ᠵᠤᠷᠢᠭ᠂ ᠬᠥᠴᠥᠨ ᠴᠢᠳᠠᠯ᠂ ᠡᠷᠳᠡᠮ ᠮᠡᠳᠡᠯᠬᠡ᠂ ᠠᠮᠵᠢᠯᠲᠠ ᠪᠦᠳᠥᠬᠡᠯ ᠠᠯᠢ ᠪᠦᠬᠦᠨ ᠢ | ᠤᠯᠭᠤᠳᠠᠭ ᠶᠣᠮ᠃ | ᠢᠲᠡᠬᠡᠯ ᠨᠢ ᠬᠥᠮᠥᠨ ᠳᠤ ᠬᠤᠶᠠᠷ ᠲᠠᠯ᠎ᠠ ᠪᠠᠷ ᠢᠯᠡᠷᠡᠳᠡᠭ᠃ ᠨᠢᠬᠡ ᠨᠢ ᠦᠪᠡᠷ ᠢ ᠪᠠᠨ ᠢᠳᠡᠭᠡᠬᠦ ᠢᠲᠡᠬᠡᠯ᠂ | ᠳᠠᠷᠤᠢ ᠪᠡᠶ᠎ᠡ ᠳᠡᠭᠡᠨ ᠢᠲᠡᠬᠡᠯ ᠲᠠᠢ ᠪᠠᠶᠢᠬᠤ ᠶᠠᠪᠤᠳᠠᠯ ᠪᠤᠯᠤᠨ᠎ᠠ᠃ ᠬᠥᠮᠥᠨ ᠤ ᠠᠮᠢᠳᠤᠷᠠᠯ ᠳᠤ ᠦᠪᠡᠷ ᠢ ᠪᠠᠨ | ᠢᠳᠡᠭᠡᠬᠦ ᠢᠲᠡᠬᠡᠯ ᠮᠠᠰᠢ ᠴᠢᠬᠤᠯᠠᠲᠡᠢ᠃ ᠶᠠᠮᠠᠷ ᠬᠥᠮᠥᠨ ᠪᠤᠯᠵᠤ ᠦᠰᠴᠤ ᠪᠤᠶᠢᠵᠢᠬᠤ᠂ ᠶᠠᠮᠠᠷ ᠮᠡᠳᠡᠯᠬᠡ ᠴᠢᠳᠠᠪᠤᠷᠢ | ᠰᠤᠷᠴᠤ ᠡᠵᠡᠮᠰᠢᠬᠦ᠂ ᠢᠷᠡᠬᠡᠳᠥᠢ ᠳᠤ ᠶᠠᠭᠤ ᠡᠬᠦᠤᠨᠴᠤ ᠪᠦᠲᠥᠬᠡᠬᠦ ᠬᠡᠬᠦ ᠮᠡᠳᠤ ᠶᠢᠨ ᠪᠤᠳᠠᠲᠡᠢ ᠤᠶᠢᠯᠡ ᠠᠵᠢᠯᠯᠠᠭ᠎ᠠ᠂ | ᠬᠥᠰᠡᠯ ᠵᠤᠷᠢᠯᠲᠠ ᠵᠡᠷᠬᠡ ᠶᠢ ᠠᠭᠤᠯᠵᠤ ᠪᠠᠶᠢᠳᠠᠭ ᠪᠦᠬᠡᠤᠨ ᠡᠬᠦᠨ ᠤ ᠪᠠᠨ ᠲᠦᠯᠦᠬᠡ ᠰᠢᠨᠲᠠᠷᠠᠰᠢ ᠥᠬᠡᠢ ᠵᠢᠤᠨᠬᠦᠬᠦ | ᠪᠣᠯ ᠦᠪᠡᠷ ᠢ ᠪᠠᠨ ᠢᠳᠡᠭᠡᠬᠦ ᠢᠲᠡᠬᠡᠯ ᠮᠥᠨ᠃ ᠨᠦᠬᠦᠬᠡ ᠨᠢ ᠪᠤᠰᠤᠤᠨ ᠤᠨ ᠢᠲᠡᠬᠡᠯ᠂ ᠦᠬᠡᠷ᠎ᠡ ᠪᠠᠷ ᠬᠡᠯᠡᠪᠡᠯ | ᠪᠤᠰᠤᠤᠨ ᠠᠴᠠ ᠬᠥᠷᠳᠡᠬᠦ ᠢᠲᠡᠬᠡᠯ ᠬᠥᠨᠳᠥ ᠪᠤᠶᠤ ᠰᠡᠶᠢᠨ ᠰᠡᠶᠢᠬᠠᠨ ᠨᠦᠯᠦᠬᠡ ᠲᠤᠰᠬᠠᠯ ᠪᠤᠯᠤᠨ᠎ᠠ᠃ | ᠬᠥᠮᠥᠨ ᠭᠠᠭᠴᠠ ᠦᠪᠡᠷ ᠢ ᠪᠠᠨ ᠢᠳᠡᠭᠡᠬᠦ ᠳᠤ ᠲᠥᠰᠢᠭᠯᠡᠬᠡᠤᠨ ᠠᠮᠢᠳᠤᠷᠠᠵᠤ ᠴᠢᠳᠠᠬᠤ ᠥᠬᠡᠢ᠂ ᠡᠷᠬᠡᠪᠰᠢ | ᠪᠤᠰᠤᠤᠨ ᠲᠤ ᠢᠲᠡᠬᠡᠯ ᠲᠠᠢ ᠪᠠᠶᠢᠬᠤ ᠬᠡᠷᠡᠭᠲᠡᠢ᠃ ᠪᠤᠰᠤᠤᠨ ᠲᠤ ᠢᠲᠡᠬᠡᠯ ᠥᠬᠡᠢ ᠬᠥᠮᠥᠨ ᠶᠠᠭᠤ ᠴᠦ ᠪᠦᠲᠥᠬᠡᠵᠤ | ᠴᠢᠳᠠᠬᠤ ᠥᠬᠡᠢ᠃ ᠬᠡᠵᠢᠶᠡᠳᠡ ᠪᠠᠨ ᠭᠠᠭᠴᠠᠭᠠᠷᠳᠠᠮᠠᠯ᠂ ᠥᠨᠳᠥᠰᠥ ᠰᠠᠭᠤᠷᠢ ᠥᠬᠡᠢ ᠪᠤᠯᠳᠠᠭ᠃ ᠦᠪᠡᠷ ᠢ ᠪᠠᠨ | ᠢᠳᠡᠭᠡᠬᠦ ᠬᠢᠭᠡᠳ ᠦᠷᠦᠭᠡᠯ ᠳᠤ ᠢᠳᠡᠭᠡᠯ ᠲᠠᠢ ᠪᠠᠶᠢᠬᠤ ᠨᠢ ᠬᠥᠮᠥᠨ ᠤ ᠠᠳᠠᠯ ᠠᠮᠢᠳᠤᠷᠠᠯ ᠢᠶᠠᠨ ᠴᠤᠭᠴᠠᠯᠠᠬᠤ ᠶᠢᠨ | ᠬᠥᠴᠥᠲᠥ ᠬᠤᠶᠠᠷ ᠵᠢᠬᠦᠷ ᠮᠥᠨ᠃ | ᠬᠥᠮᠥᠨ ᠦᠪᠡᠷ ᠢ ᠪᠠᠨ ᠪᠠᠳᠤ ᠢᠳᠡᠭᠡᠭᠰᠡᠨ ᠢᠶᠠᠷ ᠰᠤᠶᠤᠯ ᠮᠡᠳᠡᠯᠬᠡ ᠰᠤᠷᠴᠤ ᠡᠵᠡᠮᠰᠢᠨ᠎ᠡ᠂ ᠠᠳᠠᠯ ᠠᠮᠢᠳᠤᠷᠠᠯ | ᠴᠤᠭᠴᠠᠯᠠᠨ᠎ᠠ᠂ ᠤᠷᠤᠭᠰᠢ ᠲᠠᠪᠰᠢᠨ᠎ᠠ᠂ ᠲᠠᠰᠤᠷᠠᠯᠲᠠ ᠥᠬᠡᠢ ᠬᠦᠭᠵᠢᠨ᠎ᠡ᠃ ᠦᠪᠡᠷ ᠢ ᠪᠠᠨ ᠢᠳᠡᠭᠡᠬᠦ ᠦᠭᠡᠢ ᠪᠤᠯ | ᠬᠦᠰᠡᠭᠰᠡᠨ ᠰᠠᠨᠠᠭᠰᠠᠨ ᠳᠠᠭᠠᠨ ᠬᠦᠷᠦᠨ᠎ᠡ ᠭᠡᠭᠴᠢ ᠬᠤᠯᠠ ᠶᠤᠮ᠃ | ᠬᠥᠮᠥᠨ ᠵᠠᠪᠠᠯ ᠪᠤᠰᠤᠤᠨ ᠤᠨ ᠢᠲᠡᠬᠡᠯ ᠢ ᠤᠯᠤᠭᠰᠠᠨ ᠪᠠᠶᠢᠬᠤ ᠬᠡᠷᠡᠭᠲᠡᠢ᠃ ᠪᠤᠰᠤᠤᠨ ᠤᠨ ᠢᠲᠡᠬᠡᠯ ᠢ | ᠤᠯᠬᠤ ᠳᠤ ᠬᠡᠴᠡᠬᠦᠥ᠂ ᠬᠠᠷᠢᠨ ᠠᠯᠳᠠᠬᠤ ᠨᠢ ᠲᠤᠩ ᠬᠢᠯᠪᠠᠷ ᠪᠠᠶᠢᠳᠠᠭ᠃ ᠪᠤᠰᠤᠤᠨ ᠤᠨ ᠢᠲᠡᠬᠡᠯ ᠢ ᠤᠯᠬᠤ ᠬᠡᠪᠡᠯ | ᠬᠠᠮᠤᠭ ᠠᠴᠠ ᠲᠦᠪ ᠭᠤᠤᠯᠴᠢ ᠪᠠᠶᠢᠬᠤ ᠬᠡᠷᠡᠭᠲᠡᠢ᠂ ᠥᠨᠡᠨ ᠥᠬᠡ ᠶᠠᠷᠢᠵᠤ᠂ ᠥᠨᠡᠨ ᠪᠤᠳᠠᠲᠡᠢ ᠤᠶᠢᠯᠡ ᠠᠵᠢᠯᠯᠠᠭ᠎ᠠ | ᠂ ᠠᠮᠵᠢᠯᠲᠠ ᠪᠦᠲᠥᠬᠡᠯ ᠪᠠᠶᠢᠬᠤ ᠬᠡᠷᠡᠭᠲᠡᠢ᠂ ᠢᠩᠬᠢᠪᠡᠯ ᠰᠠᠶ᠋ᠢ ᠪᠤᠰᠤᠤᠨ ᠤᠨ ᠢᠲᠡᠬᠡᠯ ᠢ ᠤᠯᠵᠤ ᠴᠢᠳᠠᠨ᠎ᠠ᠃ | ᠬᠠᠯᠠᠭᠤᠨ ᠲᠠᠢ ᠬᠥᠢᠲᠡᠨ ᠲᠠᠢ᠂ ᠬᠠᠭᠤᠷᠮᠠᠭ ᠲᠠᠢ ᠥᠨᠡᠨ ᠲᠠᠢ ᠪᠠᠶᠢᠬᠤ ᠳᠤ ᠬᠥᠷᠪᠡᠯ ᠢᠲᠡᠬᠡᠯ ᠢᠶᠠᠨ ᠠᠯᠳᠠᠨ᠎ᠠ᠃ ︽ | ᠰᠡᠶᠢᠨ ᠨᠡᠷ᠎ᠡ ᠶᠢ ᠭᠤᠶᠤᠭᠠᠤᠨ ᠤᠯᠬᠤ ᠥᠬᠡᠢ᠂ ᠮᠠᠭᠤ ᠨᠡᠷ᠎ᠡ ᠶᠢ ᠬᠤᠰᠤᠭᠠᠤᠨ ᠠᠷᠢᠯᠬᠤ ᠥᠬᠡᠢ︾ ᠬᠡᠳᠡᠭ ᠢᠶᠠᠷ | ᠬᠥᠮᠥᠨ ᠬᠥᠮᠥᠨ ᠤ ᠪᠠᠨ ᠢᠲᠡᠬᠡᠯ ᠢ ᠠᠯᠳᠠᠬᠤ ᠨᠢ ᠨᠢᠬᠡ ᠵᠥᠢᠯ ᠤᠨ ᠬᠤᠬᠢᠷᠠᠯ ᠰᠦᠢᠳᠥᠯ ᠪᠠᠶᠢᠵᠥ ᠲᠠᠭᠠᠷᠠᠨ᠎ᠠ᠃ | ᠬᠦᠮᠦᠨ ᠤ ᠬᠠᠮᠤᠭ ᠠᠩᠬᠠᠨ ᠤ ᠢᠲᠡᠬᠡᠯ ᠪᠣᠯ ᠬᠥᠮᠥᠨ ᠪᠤᠯᠬᠤ ᠶᠢᠨ ᠢᠲᠡᠬᠡᠯ᠃ ᠠᠩᠬᠠᠨ ᠤ ᠢᠲᠡᠬᠡᠯ ᠢᠶᠠᠨ | ᠠᠪᠤ ᠡᠵᠢ᠂ ᠠᠴᠢᠲᠥ ᠪᠠᠭᠰᠢ ᠠᠴᠠ ᠪᠠᠨ ᠤᠯᠳᠠᠭ᠃ ᠠᠪᠤ ᠡᠵᠢ᠂ ᠠᠴᠢᠲᠥ ᠪᠠᠭᠰᠢ ᠪᠠᠨ ᠳᠠᠭᠤᠷᠢᠶᠠᠵᠤ ᠬᠥᠮᠥᠨ | ᠪᠤᠯᠳᠠᠭ᠃ ᠳᠠᠷᠠᠭ᠎ᠠ ᠨᠢ ᠠᠮᠢᠳᠤᠷᠠᠬᠤᠢ ᠶᠢᠨ ᠢᠲᠡᠬᠡᠯ ᠢ ᠤᠯᠤᠨ᠎ᠠ᠃ ᠰᠢᠰᠲ᠋ᠧᠮ ᠲᠠᠢ ᠰᠤᠶᠤᠯ ᠰᠤᠷᠭᠠᠨ ᠬᠥᠮᠥᠵᠢᠯ᠂ | ᠥᠷᠬᠦᠯᠵᠢᠯᠡᠭᠰᠡᠨ ᠰᠤᠷᠤᠯᠭ᠎ᠠ ᠪᠤᠯᠪᠠᠰᠤᠷᠠᠯ᠂ ᠨᠡᠶᠢᠬᠡᠮ ᠤᠨ ᠤᠶᠢᠯᠡᠳᠥᠯᠬᠡ ᠠᠴᠠ ᠵᠦᠪ ᠠᠮᠢᠳᠤᠷᠠᠬᠤᠢ ᠶᠢᠨ ᠠᠷᠭ᠎ᠠ | ᠣᠬᠠᠭᠠᠨ᠂ ᠰᠢᠨᠵᠢᠯᠡᠬᠦ ᠮᠡᠷᠬᠡᠵᠢᠯ ᠢ ᠰᠤᠷᠤᠨ᠎ᠠ᠂ ᠰᠤᠷᠬᠤᠢ ᠪᠣᠯ ᠢᠲᠡᠬᠡᠯ ᠤᠨ ᠡᠬᠢ ᠰᠤᠷᠪᠤᠯᠵᠢ᠂ ᠴᠠᠭ ᠢᠮᠠᠭᠲᠠ | ᠰᠤᠷᠤᠯᠴᠠᠨ᠎ᠠ᠂ ᠨᠠᠰᠤ ᠪᠠᠷ ᠢᠶᠠᠨ ᠰᠤᠷᠤᠯᠴᠠᠨ᠎ᠠ᠂ ᠰᠤᠷᠴᠤ ᠬᠡᠷᠡᠭᠯᠡᠬᠦ ᠶᠢ ᠤᠶᠠᠯᠳᠤᠭᠤᠯᠤᠨ᠎ᠠ᠃ ᠢᠷᠡᠬᠡᠳᠥᠢ ᠶᠢᠨ | ᠢᠲᠡᠬᠡᠯ ᠢ ᠪᠤᠢ ᠪᠤᠯᠭᠠᠨ᠎ᠠ᠃ ᠵᠦᠪ ᠢᠲᠡᠬᠡᠯ᠂ ᠵᠦᠪ ᠤᠨᠤᠯ᠂ ᠵᠦᠪ ᠵᠠᠮ ᠠᠴᠠ ᠢᠷᠡᠬᠡᠳᠥᠢ ᠤᠷᠭᠤᠳᠠᠭ᠃ | | | | ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ |