ᠪᠦᠷᠢᠳᠭᠡᠯ ᠤᠨ ᠦᠨᠡᠮᠯᠡᠯ ᠢ ᠨᠥᠬᠦᠵᠦ ᠠᠪᠬᠤ᠂ ᠭᠤᠶᠤᠴᠢᠯᠠᠨ ᠠᠪᠬᠤ ᠶᠢ ᠭᠦᠢᠴᠡᠳᠬᠡᠬᠦ ᠲᠤᠬᠠᠶᠢᠯᠠᠭᠰᠠᠨ ᠠᠵᠢᠯ ᠤᠨ ᠴᠤᠪᠤᠷᠠᠯ ᠪᠠ ᠪᠣᠲᠠᠲᠠᠢ ᠶᠠᠪᠤᠳᠠᠯ
ᠨᠡᠶᠢᠲᠡᠯᠡᠭᠰᠡᠨ ᠴᠠᠭ᠄
2020-07-28
         ᠪᠦᠷᠢᠳᠭᠡᠯ ᠤᠨ ᠦᠨᠡᠮᠯᠡᠯ ᠢ ᠨᠥᠬᠦᠵᠦ ᠠᠪᠬᠤ᠂ ᠭᠤᠶᠤᠴᠢᠯᠠᠨ ᠠᠪᠬᠤ ᠶᠢ ᠭᠦᠢᠴᠡᠳᠬᠡᠬᠦ ᠲᠤᠬᠠᠶᠢᠯᠠᠭᠰᠠᠨ ᠠᠵᠢᠯ ᠤᠨ ᠴᠤᠪᠤᠷᠠᠯ ᠪᠠ ᠪᠣᠲᠠᠲᠠᠢ ᠶᠠᠪᠤᠳᠠᠯ ᠭᠡᠪᠠᠯ᠄      ︵ᠨᠢᠭᠡ︶ ᠪᠠᠶᠢᠴᠠᠭᠠᠨ ᠰᠢᠯᠭᠠᠬᠤ ᠠᠵᠢᠯ ᠤᠨ ᠪᠠᠶᠢᠷᠢ ᠶᠢᠨ ᠬᠢᠨ ᠮᠠᠰᠢᠨ ᠲᠡᠷᠭᠡ ᠶᠢ ᠪᠠᠶᠢᠴᠠᠭᠠᠨ ᠰᠢᠯᠭᠠᠨ᠎ᠠ᠃ ᠪᠦᠷᠢᠳᠭᠡᠯ ᠤᠨ ᠦᠨᠡᠮᠯᠡᠯ ᠢ ᠭᠤᠶᠤᠴᠢᠯᠠᠨ ᠠᠪᠬᠤ ᠳᠤ ᠬᠠᠷᠢᠶᠠᠯᠠᠭᠳᠠᠪᠠᠯ᠂ ᠲᠡᠷᠭᠡᠨ ᠤ ᠢᠯᠭᠠᠬᠤ ᠨᠣᠮᠧᠷ ᠢ ᠳᠠᠷᠤᠵᠤ ᠬᠡᠪᠯᠡᠭᠰᠡᠨ ᠪᠥᠷᠬᠦᠪᠴᠢ ᠶᠢ ᠪᠠᠰᠠ ᠬᠠᠷᠭᠤᠭᠤᠯᠤᠨ᠎ᠠ᠃ ᠲᠣᠭᠲᠠᠭᠠᠯ ᠳᠤ ᠨᠡᠶᠢᠴᠡᠭᠰᠡᠨ ᠪᠤᠯ᠂ ᠮᠠᠰᠢᠨ ᠲᠡᠷᠭᠡ ᠶᠢ ᠪᠠᠶᠢᠴᠠᠭᠠᠨ ᠰᠢᠯᠭᠠᠭᠰᠠᠨ ᠲᠡᠮᠳᠡᠭᠯᠡᠯ ᠤᠨ ᠬᠥᠰᠥᠨᠥᠭᠲᠦ ᠳᠡᠭᠡᠷ᠎ᠡ ᠭᠠᠷ ᠤᠨ ᠦᠰᠦᠭ ᠵᠢᠷᠤᠬᠤ ᠶᠢᠨ ᠬᠠᠮᠲᠤ ᠳᠣᠲᠣᠭᠠᠳᠤ ᠳᠠᠮᠵᠢᠭᠤᠯᠭ᠎ᠠ ᠪᠠᠷ ᠪᠦᠷᠢᠳᠭᠡᠯ ᠢ ᠬᠢᠨᠠᠨ ᠬᠠᠷᠭᠤᠭᠤᠯᠬᠤ ᠠᠵᠢᠯ ᠤᠨ ᠪᠠᠶᠢᠷᠢ ᠳᠤ ᠳᠠᠮᠵᠢᠭᠤᠯᠤᠨ᠎ᠠ᠃      ︵ᠬᠤᠶᠠᠷ︶ ᠪᠦᠷᠢᠳᠭᠡᠯ ᠢ ᠬᠢᠨᠠᠨ ᠬᠠᠷᠭᠤᠭᠤᠯᠬᠤ ᠠᠵᠢᠯ ᠤᠨ ᠪᠠᠶᠢᠷᠢ ᠶᠢᠨ ᠬᠢᠨ ︽ᠮᠠᠰᠢᠨ ᠲᠡᠷᠭᠡ ᠶᠢᠨ ᠫᠠᠶᠢᠰᠠ ᠦᠨᠡᠮᠯᠡᠯ ᠤᠨ ᠭᠤᠶᠤᠴᠢᠯᠠᠯ ᠤᠨ ᠬᠥᠰᠥᠨᠥᠭᠲᠦ︾᠂ ᠮᠠᠰᠢᠨ ᠲᠡᠷᠭᠡ ᠶᠢᠨ ᠥᠮᠴᠢᠯᠡᠭᠴᠢ ᠶᠢᠨ ᠪᠡᠶ᠎ᠡ ᠶᠢᠨ ᠭᠡᠷᠡᠴᠢ ᠶᠢ ᠬᠢᠨᠠᠨ ᠪᠠᠶᠢᠴᠠᠭᠠᠨ᠎ᠠ᠃ ᠲᠣᠭᠲᠠᠭᠠᠯ ᠳᠤ ᠨᠡᠶᠢᠴᠡᠭᠰᠡᠨ ᠪᠤᠯ᠂ ᠬᠠᠮᠢᠶ᠎ᠡ ᠪᠥᠬᠦᠢ ᠮᠡᠳᠡᠭᠡ ᠵᠠᠩᠭᠢ ᠶᠢ ᠨᠢ ᠪᠢᠴᠢᠵᠦ ᠣᠷᠤᠭᠤᠯᠤᠭᠠᠳ᠂ ᠮᠠᠰᠢᠨ ᠲᠡᠷᠭᠡ ᠶᠢᠨ ᠥᠮᠴᠢᠯᠡᠭᠴᠢ ᠳᠤ ᠬᠦᠯᠢᠶᠡᠨ ᠠᠪᠴᠤ ᠰᠢᠢᠳᠪᠦᠷᠢᠯᠡᠭᠰᠡᠨ ᠭᠡᠷᠡᠴᠢ ᠪᠠᠷᠢᠮᠲᠠ ᠬᠢᠵᠦ ᠥᠭᠭᠦᠨ᠎ᠡ᠃ ᠪᠦᠷᠢᠳᠭᠡᠯ ᠤᠨ ᠦᠨᠡᠮᠯᠡᠯ ᠢ ᠨᠥᠬᠦᠵᠦ ᠠᠪᠬᠤ ᠳᠤ ᠬᠠᠷᠢᠶᠠᠯᠠᠭᠳᠠᠪᠠᠯ᠂ ᠪᠦᠷᠢᠳᠭᠡᠯ ᠤᠨ ᠦᠨᠡᠮᠯᠡᠯ ᠬᠢᠵᠦ ᠮᠠᠰᠢᠨ ᠲᠡᠷᠭᠡ ᠶᠢᠨ ᠥᠮᠴᠢᠯᠡᠭᠴᠢ ᠳᠤ ᠥᠭᠭᠦᠨ᠎ᠡ᠃ ᠪᠦᠷᠢᠳᠭᠡᠯ ᠤᠨ ᠦᠨᠡᠮᠯᠡᠯ ᠢ ᠭᠤᠶᠤᠴᠢᠯᠠᠨ ᠠᠪᠬᠤ ᠳᠤ ᠬᠠᠷᠢᠶᠠᠯᠠᠭᠳᠠᠪᠠᠯ᠂ ᠬᠦᠯᠢᠶᠡᠨ ᠠᠪᠴᠤ ᠭᠦᠢᠴᠡᠳᠭᠡᠬᠦ ᠭᠡᠷᠡᠴᠢ ᠪᠠᠷᠢᠮᠲᠠ ᠳᠡᠭᠡᠷ᠎ᠡ ᠭᠠᠷᠳᠠᠨ ᠠᠪᠤᠭᠰᠠᠨ ᠴᠠᠭ ᠢ ᠲᠣᠳᠣᠷᠬᠠᠶᠢᠯᠠᠨ ᠪᠢᠴᠢᠵᠦ᠂ ᠺᠤᠮᠫᠢᠦᠲ᠋ᠧᠷ ᠤᠨ ᠪᠦᠷᠢᠳᠭᠡᠯ  ᠤᠨ ᠰᠢᠰᠲ᠋ᠧᠮᠵᠢ ᠶᠢᠨ ᠮᠡᠳᠡᠭᠡ ᠵᠠᠩᠭᠢ ᠶᠢ ᠬᠢᠨᠠᠨ ᠬᠠᠷᠭᠤᠭᠤᠯᠤᠭᠠᠳ᠂ ᠳᠠᠩᠰᠠ ᠡᠪᠬᠡᠮᠡᠯ ᠢ ᠠᠪᠴᠢᠷᠠᠨ ᠦᠵᠡᠵᠦ᠂ ᠮᠠᠰᠢᠨ ᠲᠡᠷᠭᠡ ᠶᠢᠨ ᠥᠮᠴᠢᠯᠡᠭᠴᠢ ᠶᠢᠨ ᠪᠡᠶ᠎ᠡ ᠶᠢᠨ ᠭᠡᠷᠡᠴᠢ ᠪᠠ ᠲᠡᠷᠭᠡᠨ ᠤ ᠢᠯᠭᠠᠬᠤ ᠨᠣᠮᠧᠷ ᠢ ᠳᠠᠷᠤᠵᠤ ᠬᠡᠪᠯᠡᠭᠰᠡᠨ ᠪᠥᠷᠬᠦᠪᠴᠢ ᠶᠢ ᠬᠠᠷᠭᠤᠭᠤᠯᠤᠭᠠᠳ᠂ ᠪᠦᠷᠢᠳᠭᠡᠯ ᠤᠨ ᠦᠨᠡᠮᠯᠡᠯ ᠬᠢᠵᠦ ᠮᠠᠰᠢᠨ ᠲᠡᠷᠭᠡ ᠶᠢᠨ ᠥᠮᠴᠢᠯᠡᠭᠴᠢ ᠳᠤ ᠥᠭᠭᠦᠨ᠎ᠡ᠃       ︵ᠭᠤᠷᠪᠡ︶ ᠳᠠᠩᠰᠠ ᠡᠪᠬᠡᠮᠡᠯ ᠤᠨ ᠬᠠᠮᠢᠶᠠᠷᠤᠯᠲᠠ ᠶᠢᠨ ᠠᠵᠢᠯ ᠤᠨ ᠪᠠᠶᠢᠷᠢ ᠶᠢᠨ ᠬᠢᠨ ᠺᠤᠮᠫᠢᠦᠲ᠋ᠧᠷ ᠤᠨ ᠪᠦᠷᠢᠳᠭᠡᠯ ᠤᠨ ᠰᠢᠰᠲ᠋ᠧᠮᠵᠢ ᠶᠢᠨ ᠮᠡᠳᠡᠭᠡ ᠵᠠᠩᠭᠢ ᠶᠢ ᠬᠠᠷᠭᠤᠭᠤᠯᠤᠭᠠᠳ᠂ ᠮᠠᠲ᠋ᠧᠷᠢᠶᠠᠯ ᠢ ᠡᠮᠬᠢᠯᠡᠵᠦ ᠳᠡᠪᠲᠡᠷᠯᠡᠭᠡᠳ ᠳᠠᠩᠰᠠ ᠡᠪᠬᠡᠮᠡᠯ ᠳᠤ ᠣᠷᠤᠭᠤᠯᠤᠨ᠎ᠠ᠃    
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号