ᠪᠠᠶ᠎ᠠ ᠶᠢᠨ ᠬᠤᠤᠷ ᠢᠶᠠᠨ ᠭᠠᠳᠠᠭᠰᠢᠯᠠᠭᠤᠯᠬᠤ ᠠᠷᠭ᠎ᠠ
ᠨᠡᠶᠢᠲᠡᠯᠡᠭᠰᠡᠨ ᠴᠠᠭ᠄
2020-07-28
             ᠨᠢᠬᠡ ᠳᠤ᠂ 2 ᠺᠢᠯᠤᠭ᠍ᠷᠠᠮ ᠤᠰᠦ ᠤᠤᠭᠤᠨ᠎ᠠ᠃ ᠭᠠᠳᠠᠭᠠᠯᠠᠬᠤ ᠪᠤᠯ ᠬᠦᠮᠦᠨ ᠤ ᠪᠠᠶ᠎ᠠ ᠶᠢᠨ ᠬᠤᠤᠷ ᠢ ᠭᠠᠳᠠᠭᠰᠢᠯᠠᠭᠤᠯᠬᠤ ᠬᠠᠮᠤᠭ ᠴᠢᠬᠤᠯᠠ ᠠᠷᠭ᠎ᠠ ᠮᠦᠨ᠂ ᠡᠳᠦᠷ ᠪᠦᠷᠢ 2 ᠺᠢᠯᠤᠭ᠍ᠷᠠᠮ ᠪᠤᠴᠠᠯᠤᠭᠰᠠᠨ ᠤᠰᠦ ᠤᠤᠭᠤᠪᠠᠯ ᠪᠠᠶ᠎ᠠ ᠳᠠᠬᠢ ᠬᠤᠤᠷ ᠢ ᠤᠬᠢᠶᠠᠨ ᠴᠠᠪᠠᠷᠯᠠᠵᠦ᠂ ᠪᠦᠬᠡᠷᠡᠨ ᠤ ᠲᠠᠷᠤᠭᠠᠰᠦ ᠶᠢ ᠬᠦᠩᠭᠡᠯᠡᠨ ᠬᠤᠤᠷ ᠭᠠᠳᠠᠭᠰᠢᠯᠠᠭᠤᠯᠬᠤ ᠬᠠᠮᠤᠭ ᠲᠦᠬᠦᠮ ᠠᠷᠭ᠎ᠠ ᠪᠤᠯᠤᠨ᠎ᠠ᠃ ᠬᠡᠬᠦ ᠳᠡᠭᠡᠨ ᠡᠷᠬᠡᠪᠰᠢ ᠪᠤᠴᠠᠯᠤᠭᠰᠠᠨ ᠤᠰᠦ ᠪᠠᠶᠢᠬᠤ ᠬᠡᠷᠡᠭᠳᠠᠢ᠃      ᠬᠤᠶᠠᠷ ᠲᠤ᠂ ᠰᠢᠷᠬᠡᠭᠯᠢᠭ ᠢᠳᠡᠬᠡᠨ ᠢᠳᠡᠨ᠎ᠡ᠃ ᠬᠦᠮᠦᠨ ᠬᠤᠷᠭᠤᠰᠤᠯᠠᠳᠠᠭ ᠨᠢ ᠬᠡᠳᠡᠰᠦᠨ ᠤ ᠬᠦᠷᠪᠡᠯᠵᠡᠬᠦ  ᠨᠢ ᠲᠤᠳᠠᠮᠠᠭ ᠠᠴᠠ ᠪᠤᠯᠵᠦ ᠪᠤᠢ᠃ ᠬᠡᠷᠪᠡ ᠶᠠᠷᠤᠳᠠ ᠶᠢᠨ ᠦᠶ᠎ᠠ ᠳᠡᠭᠡᠨ ᠪᠦᠳᠦᠬᠦᠯᠢᠭ ᠠᠮᠤ᠂ ᠢᠳᠡᠰᠢᠨ ᠨᠤᠭᠤᠭ᠎ᠠ᠂ ᠵᠢᠮᠢᠰ ᠤᠨ ᠵᠦᠢᠯ ᠵᠡᠷᠬᠡ ᠰᠢᠷᠬᠡᠭᠯᠢᠭ ᠢᠳᠡᠬᠡᠨ ᠢ ᠢᠯᠡᠬᠦᠦ ᠢᠳᠡᠪᠡᠯ ᠬᠡᠳᠡᠰᠦᠨ ᠤ ᠬᠦᠷᠪᠡᠯᠵᠡᠬᠦ ᠶᠢ ᠠᠬᠢᠭᠤᠯᠤᠨ᠎ᠠ᠃      ᠭᠤᠷᠪᠠ ᠳᠤ᠂ ᠪᠠᠶ᠎ᠠ ᠪᠠᠨ ᠤᠬᠢᠶᠠᠨ᠎ᠠ᠃ ᠬᠦᠯᠦᠰᠦ ᠭᠠᠷᠬᠤ ᠨᠢ ᠴᠦ ᠬᠦᠮᠦᠨ ᠤ ᠪᠠᠶ᠎ᠠ ᠶᠢᠨ ᠬᠤᠤᠷ ᠢᠶᠠᠨ ᠭᠠᠳᠠᠭᠰᠢᠯᠠᠭᠤᠯᠬᠤ ᠴᠢᠬᠤᠯᠠ ᠠᠷᠭ᠎ᠠ ᠪᠤᠯᠤᠨ᠎ᠠ᠂ ᠬᠡᠷᠪᠡ ᠡᠩ ᠤᠨ ᠦᠶ᠎ᠠ ᠳᠤ ᠬᠦᠳᠡᠯᠬᠡᠬᠡᠨ ᠬᠢᠬᠦ ᠴᠢᠨᠢ ᠲᠤᠳᠠᠮᠠᠭ᠂ ᠬᠦᠯᠦᠰᠦ ᠲᠠᠮᠠᠢ ᠭᠠᠷᠬᠤ ᠦᠭᠡᠢ ᠪᠤᠯ ᠬᠠᠯᠠᠭᠤᠨ ᠤᠰᠤᠨ ᠳᠤ ᠪᠠᠶ᠎ᠠ ᠪᠠᠨ ᠤᠬᠢᠶᠠᠵᠦ ᠬᠦᠯᠦᠰᠦ ᠭᠠᠷᠪᠠᠯ ᠰᠠᠶᠢᠨ᠃ ᠬᠡᠬᠦ ᠳᠡᠭᠡᠨ ᠬᠢᠮᠢ ᠶᠢᠨ ᠡᠳ᠋ ᠠᠭᠤᠯᠬᠤ ᠦᠭᠡᠢ ᠪᠠ ᠬᠦᠬᠡᠰᠦ ᠪᠠᠭ᠎ᠠ ᠭᠠᠷᠳᠠᠭ ᠤᠬᠢᠶᠠᠯᠭ᠎ᠠ ᠶᠢᠨ ᠡᠳ᠋ ᠢᠶᠠᠷ ᠪᠠᠶ᠎ᠠ ᠪᠠᠨ ᠤᠬᠢᠶᠠᠭᠠᠷᠠᠢ᠃      ᠲᠦᠷᠪᠡ ᠳᠤ᠂ ᠰᠠᠩᠨᠠ ᠤᠬᠢᠶᠠᠯᠭ᠎ᠠ ᠬᠢᠨ᠎ᠠ᠃ ᠭᠠᠷᠠᠭ ᠪᠦᠷᠢ ᠨᠢᠬᠡ ᠤᠳᠠᠭ᠎ᠠ ᠠᠭᠤᠷ ᠤᠨ ᠤᠬᠢᠶᠠᠯᠭ᠎ᠠ ᠪᠤᠶᠤ ᠰᠠᠩᠨᠠ ᠤᠬᠢᠶᠠᠯᠭ᠎ᠠ ᠬᠢᠪᠠᠯ ᠰᠢᠨ᠎ᠠ ᠬᠠᠭᠤᠴᠢᠨ ᠤ ᠰᠤᠯᠢᠯᠴᠠᠭ᠎ᠠ ᠶᠢ ᠲᠦᠷᠬᠡᠳᠬᠡᠳᠡᠭ᠃ ᠬᠡᠶ᠎ᠡ ᠰᠠᠩᠨᠠ ᠤᠬᠢᠶᠠᠯᠭ᠎ᠠ ᠬᠢᠬᠦ ᠳᠡᠭᠡᠨ ᠢᠯᠡᠬᠦᠬᠡᠨ ᠤᠰᠦ ᠤᠤᠭᠤᠬᠤ ᠨᠢ ᠲᠤᠩ ᠴᠢᠬᠤᠯᠠ ᠶᠤᠮ᠃ ᠤᠬᠢᠶᠠᠬᠤ ᠠᠴᠠ ᠡᠮᠦᠨ᠎ᠠ ᠨᠢᠬᠡ ᠴᠤᠮᠤ ᠤᠰᠦ ᠤᠤᠭᠤᠪᠠᠯ ᠬᠤᠤᠷ ᠭᠠᠳᠠᠭᠰᠢᠯᠠᠭᠤᠯᠬᠤ ᠶᠢ ᠲᠦᠷᠬᠡᠳᠬᠡᠵᠦ᠂ ᠤᠬᠢᠶᠠᠭᠰᠠᠨ ᠤ ᠲᠠᠷᠠᠭ᠎ᠠ ᠨᠢᠬᠡ ᠴᠤᠮᠤ ᠤᠰᠦ ᠤᠤᠭᠤᠪᠠᠯ ᠪᠠᠶ᠎ᠠ ᠳᠤ ᠤᠰᠦ ᠨᠦᠬᠦᠪᠦᠷᠢᠯᠠᠨ᠎ᠡ᠃ ᠡᠬᠦᠨ ᠠᠴᠠ ᠭᠠᠳᠠᠨ᠎ᠠ ᠰᠠᠩᠨᠠ ᠤᠬᠢᠶᠠᠯᠭ᠎ᠠ ᠬᠢᠬᠦ ᠳᠡᠭᠡᠨ ᠪᠠᠶ᠎ᠠ ᠳᠡᠭᠡᠨ ᠶᠠᠮᠠᠷᠴᠦ ᠲᠤᠰᠦ ᠲᠦᠷᠬᠢᠵᠦ ᠪᠤᠯᠬᠤ ᠦᠭᠡᠢ᠂ ᠲᠦᠷᠬᠢᠪᠠᠯ ᠬᠤᠤᠷ ᠭᠠᠳᠠᠭᠰᠢᠯᠠᠭᠤᠯᠬᠤ ᠦᠷ᠎ᠡ ᠳ᠋ᠦᠩ ᠢ ᠨᠦᠯᠦᠬᠡᠯᠡᠨ᠎ᠠ᠃                
 
ᠢᠷᠡᠯᠲᠡ᠄ ᠰᠢᠳᠦᠬᠡᠨ ᠮᠤᠩᠭᠤᠯ ᠲᠡᠪᠴᠡᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号