ᠲᠠᠪᠣᠰᠣᠨ ᠤ ᠣᠨᠴᠠᠭᠠᠢ ᠦᠢᠯᠡᠳᠦᠯ
ᠨᠡᠶᠢᠲᠡᠯᠡᠭᠰᠡᠨ ᠴᠠᠭ᠄
2020-06-12
      ⒈ ᠵᠣᠨ ᠤ ᠬᠠᠯᠠᠭᠤᠨ ᠳᠤ ᠳᠠᠪᠣᠰᠦ ᠲᠠᠢ ᠪᠣᠴᠠᠯᠣᠭᠰᠠᠨ ᠣᠰᠦ ᠶᠢ ᠦᠷᠬᠦᠯᠵᠢ ᠣᠣᠭᠤᠵᠦ ᠪᠠᠶᠢᠪᠠᠯ᠂ ᠪᠡᠶ᠎ᠡ ᠠᠴᠠ ᠬᠦᠯᠦᠰᠦ ᠠᠷᠪᠢᠨ ᠭᠠᠷᠣᠭᠠᠳ ᠳᠠᠪᠣᠰᠣᠨ ᠤ ᠪᠦᠷᠢᠯᠳᠦᠬᠦᠨ ᠳᠣᠳᠠᠭᠳᠠᠬᠤ ᠶᠢ ᠨᠦᠬᠦᠪᠦᠷᠢᠯᠡᠵᠦ ᠴᠢᠳᠠᠬᠤ ᠪᠠᠷ ᠪᠠᠷᠠᠬᠤ ᠦᠭᠡᠢ ᠨᠠᠷᠠᠰᠢᠬᠤ ᠠᠴᠠ ᠰᠡᠷᠭᠡᠶᠢᠯᠡᠵᠦ ᠴᠢᠳᠠᠨ᠎ᠠ᠃    ⒉ ᠳᠠᠭᠤᠣ ᠳᠠᠭᠤᠯᠠᠬᠤ ᠠᠴᠠ ᠪᠠᠨ ᠡᠮᠦᠨ᠎ᠡ ᠳᠠᠪᠣᠰᠦ ᠲᠠᠢ ᠪᠣᠴᠠᠯᠣᠭᠰᠠᠨ ᠣᠰᠦ ᠣᠣᠭᠤᠪᠠᠯ ᠬᠤᠭᠤᠯᠠᠢ ᠬᠠᠳᠠᠬᠤ ᠪᠣᠶᠣ ᠳᠠᠭᠤ ᠰᠦᠬᠡᠩᠬᠡᠶᠢᠷᠡᠬᠦ ᠶᠢ ᠰᠡᠷᠬᠡᠶᠢᠯᠡᠨ᠎ᠡ᠃    ⒊ ᠬᠠᠰᠢ ᠶᠢᠨ ᠦᠨᠳᠣᠰᠦ ᠶᠢ ᠳᠠᠪᠣᠰᠦ ᠲᠠᠢ ᠣᠰᠣᠨ ᠳᠤ ᠴᠢᠨᠠᠭᠠᠳ ᠬᠦᠯ ᠢᠶᠠᠨ ᠣᠬᠢᠶᠠᠪᠠᠯ ᠬᠦᠯ ᠤᠨ ᠪᠠᠯᠴᠢᠷᠣᠣ ᠶᠢ ᠠᠷᠢᠯᠭᠠᠨ᠎ᠠ᠃   ⒋ ᠳᠠᠪᠣᠰᠦ ᠲᠠᠢ ᠣᠰᠦ ᠨᠢ ᠪᠠᠺᠲ᠋ᠧᠷᠢ ᠶᠢ ᠣᠰᠠᠳᠬᠠᠬᠤ ᠳᠤ ᠵᠣᠬᠢᠬᠤ ᠬᠡᠮᠵᠢᠶᠡᠨ ᠤ ᠦᠢᠯᠡᠳᠦᠯ ᠲᠠᠢ ᠪᠣᠯᠬᠤᠷ ᠬᠦᠩᠬᠡᠨ ᠰᠢᠷᠬ᠎ᠠ᠂ ᠬᠠᠯᠠᠭᠠᠭᠰᠠᠨ ᠰᠢᠷᠬ᠎ᠠ ᠶᠢ ᠳᠠᠪᠣᠰᠦ ᠲᠠᠢ ᠣᠰᠦ ᠪᠠᠷ ᠣᠬᠢᠶᠠᠪᠡᠯ ᠡᠪᠡᠳᠬᠦ ᠶᠢ ᠬᠦᠩᠬᠡᠷᠡᠬᠦᠯᠬᠦ ᠦᠢᠯᠡᠳᠦᠯ ᠲᠠᠢ᠃    ⒌ ᠦᠶ᠎ᠡ ᠬᠡᠰᠢᠬᠦᠨ ᠤ ᠡᠪᠡᠳᠴᠢᠨ ᠲᠠᠢ ᠬᠦᠮᠦᠰ ᠳᠠᠪᠣᠰᠦ ᠶᠢ ᠬᠠᠯᠠᠭᠠᠭᠠᠳ ᠣᠭᠤᠳᠠᠨ ᠳᠤ ᠬᠢᠵᠦ ᠡᠪᠡᠳᠴᠦ ᠪᠠᠶᠢᠭ᠎ᠠ ᠭᠠᠵᠠᠷ ᠲᠠᠭᠠᠨ ᠵᠢᠩ ᠪᠠᠷᠢᠪᠠᠯ ᠡᠪᠡᠳᠬᠦ ᠶᠢ ᠨᠢ ᠨᠠᠮᠳᠠᠭᠤᠯᠳᠠᠭ᠃    ⒍ ᠦᠷᠯᠦᠭᠡ ᠪᠦᠷᠢ ᠨᠢᠭᠡ ᠴᠣᠮᠣ ᠳᠠᠪᠣᠰᠦ ᠲᠠᠢ ᠣᠰᠦ ᠣᠣᠭᠤᠪᠠᠯ ᠬᠤᠷᠭᠤᠰᠣᠯᠠᠬᠤ ᠠᠴᠠ ᠰᠡᠷᠬᠡᠶᠢᠯᠡᠵᠦ ᠴᠢᠳᠠᠨ᠎ᠠ᠃    ⒎ ᠨᠢᠭᠡ ᠵᠢᠩ ᠳᠠᠪᠣᠰᠦ ᠶᠢ ᠬᠠᠭᠤᠷᠴᠦ ᠬᠠᠯᠠᠭᠤᠯᠣᠭᠠᠳ ᠬᠦᠢᠰᠦᠨ ᠳᠡᠭᠡᠷ᠎ᠡ ᠪᠠᠨ ᠵᠢᠩ ᠪᠠᠷᠢᠪᠠᠯ ᠪᠦᠭᠡᠷᠳᠡᠭ ᠡᠪᠡᠳᠴᠢᠨ ᠶᠢ ᠵᠠᠰᠠᠨ᠎ᠠ᠃    ⒏ ᠳᠠᠪᠣᠰᠦ ᠪᠠ ᠡᠯᠡᠰᠦ ᠶᠢ ᠣᠰᠣᠨ ᠳᠤ ᠪᠠᠭ᠎ᠠ ᠬᠢᠵᠦ ᠳᠣᠯᠣᠭᠠᠢ ᠪᠠᠨ ᠣᠬᠢᠶᠠᠪᠡᠯ ᠳᠣᠯᠣᠭᠠᠢ ᠵᠠᠭᠠᠳᠣᠨᠠᠬᠤ᠂ ᠬᠡᠵᠢᠭᠡ ᠣᠨᠠᠬᠤ ᠶᠢ ᠵᠠᠰᠠᠬᠤ ᠮᠦᠷᠳᠡᠭᠡᠨ ᠳᠣᠯᠣᠭᠠᠢ ᠶᠢᠨ ᠬᠠᠭ ᠢ ᠪᠠᠭᠠᠰᠬᠠᠬᠤ ᠪᠣᠯᠣᠨ᠎ᠠ᠃    ⒐ ᠬᠦᠯᠳᠡᠭᠰᠡᠨ ᠰᠢᠷᠬ᠎ᠠ ᠶᠢ ᠳᠠᠪᠣᠰᠦ ᠲᠠᠢ ᠬᠠᠯᠠᠭᠤᠨ ᠣᠰᠦ ᠪᠠᠷ ᠣᠬᠢᠶᠠᠪᠠᠯ ᠵᠠᠭᠠᠳᠣᠨᠠᠬᠤ ᠶᠢ ᠵᠣᠭᠰᠣᠭᠠᠵᠦ ᠴᠢᠳᠠᠨ᠎ᠠ᠃    ⒑ ᠵᠣᠬᠢᠬᠤ ᠬᠡᠮᠵᠢᠶᠡᠨ ᠤ ᠳᠠᠪᠣᠰᠦ ᠶᠢ ᠵᠢᠩᠨᠡᠵᠦ ᠬᠠᠯᠠᠭᠤᠯᠣᠭᠠᠳ ᠣᠭᠤᠳᠠᠨ ᠳᠤ ᠬᠢᠵᠦ ᠳᠠᠷᠠᠯᠡᠪᠡᠯ ᠴᠢᠬᠢ ᠬᠠᠩᠬᠢᠨᠠᠬᠤ ᠶᠢ ᠵᠠᠰᠠᠨ᠎ᠠ᠃    ⒒ ᠳᠠᠪᠣᠰᠦ ᠲᠠᠢ ᠣᠰᠦ ᠪᠠᠷ ᠨᠢᠯᠬ᠎ᠠ ᠬᠡᠣᠬᠡᠳ ᠤᠨ ᠪᠡᠶ᠎ᠡ ᠶᠢ ᠣᠬᠢᠶᠠᠪᠠᠯ ᠰᠢᠷ᠎ᠠ ᠦᠰᠦ ᠶᠢ ᠨᠢ ᠣᠨᠠᠭᠠᠬᠤ ᠮᠦᠷᠳᠡᠭᠡᠨ ᠪᠡᠶ᠎ᠡ ᠨᠢ ᠳᠠᠭᠠᠯᠠᠮᠵᠢᠳᠠᠢ ᠪᠣᠯᠵᠦ ᠬᠠᠩᠭᠠᠮᠵᠢᠳᠠᠢ ᠣᠨᠳᠠᠳᠠᠭ᠃      ⒓ ᠬᠤᠷᠣᠬᠠᠢ ᠰᠢᠪᠠᠵᠢ ᠳᠤ ᠬᠠᠵᠠᠭᠳᠠᠭᠰᠠᠨ ᠭᠠᠵᠠᠷ ᠢ ᠳᠠᠪᠣᠰᠦ ᠲᠠᠢ ᠣᠰᠦ ᠪᠠᠷ ᠣᠬᠢᠶᠠᠵᠦ ᠠᠷᠢᠭᠤᠳᠬᠠᠪᠠᠯ ᠵᠠᠭᠠᠳᠣᠨᠠᠵᠦ ᠡᠪᠡᠳᠬᠦ ᠨᠢ ᠵᠦᠬᠡᠷ ᠪᠣᠯᠳᠠᠭ᠃    ⒔ ᠬᠦᠢᠳᠡᠨ ᠢᠶᠠᠷ ᠳᠠᠪᠣᠰᠠᠩ ᠡᠪᠡᠳᠬᠦ ᠪᠣᠶᠣ ᠰᠢᠬᠡᠰᠦ ᠬᠤᠷᠢᠭᠳᠠᠪᠠᠯ ᠳᠠᠪᠣᠰᠦ ᠶᠢ ᠬᠠᠭᠤᠷᠴᠦ ᠬᠠᠯᠠᠭᠤᠯᠣᠭᠠᠳ ᠪᠦᠰ ᠣᠭᠤᠳᠠᠨ ᠳᠤ ᠬᠢᠵᠦ ᠳᠠᠪᠣᠰᠠᠩ ᠳᠡᠭᠡᠷ᠎ᠡ ᠪᠠᠨ ᠬᠠᠯᠠᠭᠤᠨ ᠵᠢᠩ ᠪᠠᠷᠢᠪᠡᠯ ᠳᠣᠰᠠᠯᠠᠨ᠎ᠠ᠃     ⒕ ᠬᠤᠣᠷᠳᠠᠢ ᠢᠳᠡᠬᠡᠨ ᠢ ᠢᠳᠡᠭᠰᠡᠨ ᠬᠦᠮᠦᠨ ᠳᠠᠪᠣᠰᠦ ᠲᠠᠢ ᠪᠣᠴᠠᠯᠣᠭᠰᠠᠨ ᠣᠰᠦ ᠣᠣᠭᠤᠪᠠᠯ ᠬᠤᠣᠷ ᠨᠢ ᠳᠠᠶᠢᠯᠣᠭᠳᠠᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号