ᠤᠯᠠᠩᠭᠢ ᠬᠦᠮᠦᠰ ᠬᠡᠥᠬᠡᠳ ᠢᠶᠠᠨ ︽ᠪᠠᠭᠰᠢ ᠳᠤ ᠳᠤᠰᠢᠶᠠᠭᠠᠳ ᠦᠭᠴᠢᠬᠡᠪᠡᠯ ᠰᠠᠨᠠᠭ᠎ᠠ ᠠᠮᠠᠷᠠᠴᠢᠬᠠᠳᠠᠭ︾ | ᠰᠡᠳᠬᠢᠯᠭᠡ ᠡᠪᠦᠷᠯᠡᠵᠤ᠂ ᠰᠤᠷᠭᠠᠭᠤᠯᠢ ᠪᠤᠯ ᠬᠡᠥᠬᠡᠳ ᠢ ᠰᠤᠷᠭᠠᠨ ᠬᠦᠮᠦᠵᠢᠬᠦᠯᠳᠡᠭ ᠬᠠᠮᠤᠭ ᠤᠨ ᠵᠤᠬᠢᠷᠠᠮᠵᠢᠳᠠᠢ | ᠭᠠᠵᠠᠷ ᠬᠡᠮᠡᠨ ᠤᠢᠢᠯᠠᠭᠠᠳᠠᠭ᠃ ᠡᠶᠢᠮᠦᠷᠬᠦ ᠬᠡᠯᠪᠠᠶᠢᠭᠦᠦ ᠦᠵᠡᠯᠳᠡ ᠠᠴᠠ ᠪᠤᠯᠵᠦ ᠴᠦᠬᠡᠨ ᠪᠤᠰᠤ ᠳᠦᠪᠡᠭᠳᠡᠢ | ᠠᠰᠠᠭᠤᠳᠠᠯ ᠳᠤᠯᠭᠠᠷᠠᠭᠰᠠᠨ ᠭᠡᠷ ᠪᠦᠯᠢ ᠭᠠᠷᠴᠤ ᠪᠤᠢ᠃ | ᠶᠠᠭᠠᠬᠢᠭᠠᠳ ᠢᠡᠭᠭᠢᠵᠤ ᠬᠡᠯᠡᠳᠡᠭ ᠪᠤᠢ︖ ᠬᠡᠪᠡᠯ ᠰᠤᠷᠭᠠᠭᠤᠯᠢ ᠪᠤᠯ ᠶᠠᠷᠢᠶᠠᠨ ᠦᠭᠡᠢ ᠡᠷᠳᠡᠮ ᠨᠤᠮ | ᠰᠤᠷᠴᠤ ᠤᠶᠤᠨ ᠤᠬᠠᠭᠠᠨ ᠢ ᠭᠡᠭᠡᠷᠡᠭᠦᠯᠬᠦ ᠭᠠᠵᠠᠷ ᠶᠤᠮ᠃ ᠭᠡᠪᠡᠴᠦ ᠳᠤᠰᠬᠠᠢ ᠮᠡᠷᠭᠡᠵᠢᠯᠳᠡᠳ ᠤᠨ ᠰᠤᠳᠤᠯᠭᠠᠨ ᠳᠤ | ᠢᠯᠡᠷᠡᠭᠦᠯᠦᠭᠰᠡᠨ ᠢᠶᠠᠷ᠂ ᠬᠡᠥᠬᠡᠳ ᠢᠶᠠᠨ ᠰᠠᠶᠢᠨ ᠬᠦᠮᠦᠵᠢᠬᠦᠯᠬᠦ ᠳᠤ 70% ᠤᠨ ᠬᠦᠮᠦᠵᠢᠯ ᠨᠢ ᠭᠡᠷ ᠪᠦᠯᠢ ᠶᠢᠨ | ᠬᠦᠮᠦᠵᠢᠯ ᠲᠠᠢ ᠨᠢᠭᠳᠠ ᠬᠤᠯᠪᠤᠭ᠎ᠠ ᠲᠠᠢ ᠪᠠᠶᠢᠳᠠᠭ᠃ ᠭᠡᠷ ᠤᠨ ᠠᠬᠠᠮᠠᠳ ᠤᠨ ᠬᠦᠳᠡᠯᠥᠯ ᠶᠠᠷᠢᠶ᠎ᠠ ᠪᠦᠷᠢ ᠨᠢ | ᠬᠡᠥᠬᠡᠳ ᠤᠨ ᠳᠠᠷᠢᠬᠢᠨ ᠳᠤ ᠠᠮᠠᠷᠬᠠᠨ ᠰᠢᠩᠭᠡᠭᠳᠡᠳᠡᠭ᠃ ᠵᠢᠱᠢᠶᠡᠯᠡᠪᠡᠯ᠂ ᠪᠤᠳᠠᠳᠤ ᠠᠮᠢᠳᠤᠷᠠᠯ ᠳᠤ ᠵᠠᠷᠢᠮ ᠭᠡᠷ ᠤᠨ | ᠠᠬᠠᠮᠠᠳ ᠦᠪᠡᠷ ᠢᠶᠠᠨ ︽ᠪᠤᠷᠤᠭᠤ︾ ᠵᠦᠢᠯ ᠢ ᠬᠢᠴᠢᠬᠡᠭᠡᠳ ᠬᠡᠥᠬᠡᠳ ᠲᠤ ᠪᠠᠨ ᠦᠵᠡᠭᠳᠡᠪᠡᠯ ︽ᠬᠡᠥᠬᠡᠳ | ᠢᠡᠭᠭᠢᠵᠤ ᠬᠢᠵᠤ ᠪᠤᠯᠬᠤ ᠦᠭᠡᠢ᠂ ᠪᠢᠳᠡ ᠪᠤᠯ ᠶᠡᠭᠡ ᠬᠦᠮᠦᠰ︾ ᠬᠡᠮᠡᠨ ᠦᠪᠡᠷᠰᠡᠳ ᠤᠨ ᠪᠤᠷᠤᠭᠤ ᠪᠠᠨ ︽ᠪᠠᠯᠠᠯᠳᠠᠭ | ︾᠃ ᠬᠡᠥᠬᠡᠳ ᠰᠢᠨ᠎ᠠ ᠰᠡᠪᠡᠭᠦᠨ ᠵᠦᠢᠯ ᠢ ᠬᠦᠯᠢᠶᠡᠨ ᠠᠪᠬᠤ ᠴᠢᠳᠠᠪᠤᠷᠢ ᠴᠢᠩᠭ᠎ᠠ ᠪᠠᠶᠢᠳᠠᠭ᠃ ᠡᠶᠢᠮᠦ ᠠᠴᠠ ᠭᠡᠷ | ᠪᠦᠯᠢ ᠶᠢᠨ ᠬᠦᠮᠦᠵᠢᠯ ᠳᠤ ᠡᠴᠢᠬᠡ ᠡᠬᠡ ᠪᠤᠯᠤᠭᠰᠠᠳ ᠴᠠᠭ ᠢᠮᠠᠭᠳᠠ ᠬᠡᠥᠬᠡᠳ ᠤᠨ ᠢᠶᠠᠨ ᠦᠯᠢᠭᠡᠷ ᠲᠠᠭᠤᠷᠢᠶᠠᠯ | ᠪᠤᠯᠵᠤ ᠪᠠᠶᠢᠳᠠᠭ ᠢ ᠮᠡᠳᠡᠵᠤ ᠠᠪᠤᠯᠳᠠᠢ᠃ | ᠮᠠᠰᠢ ᠤᠯᠠᠨ ᠭᠡᠷ ᠤᠨ ᠠᠬᠠᠮᠠᠳ ᠬᠡᠥᠬᠡᠳ ᠢᠶᠠᠨ ᠴᠡᠴᠡᠷᠯᠢᠭ ᠲᠤ ᠤᠷᠤᠭᠰᠠᠨ ᠡᠳᠦᠷ ᠠᠴᠠ ᠡᠬᠢᠯᠡᠨ ᠡᠨᠡ | ᠳᠡᠷᠡ ᠳᠤᠷ᠎ᠠ ᠰᠤᠨᠢᠷᠬᠠᠯ ᠤᠨ ᠬᠢᠴᠢᠶᠡᠯ ᠭᠡᠳ ᠠᠮᠠᠷᠠᠯᠳᠠ ᠶᠢᠨ ᠡᠳᠦᠷ ᠭᠡᠵᠤ ᠢᠯᠭᠠᠯ ᠦᠭᠡᠢ ᠬᠡᠦᠭᠡᠳ ᠢᠶᠠᠨ ᠡᠰᠢ | ᠳᠡᠰᠢ ᠴᠢᠷᠴᠤ᠂ ᠨᠦᠢᠷ ᠬᠤᠭᠤᠯᠠ ᠶᠢ ᠨᠢ ᠳᠡᠩᠴᠡᠭᠦᠯᠦᠯ ᠦᠭᠡᠢ ᠪᠠᠷ ᠶᠠᠭᠠᠷᠠᠯᠳᠤᠨ᠎ᠠ᠃ ᠢᠡᠭᠭᠢᠬᠦ ᠨᠢ ᠬᠡᠦᠭᠡᠳ ᠤᠨ | ᠰᠤᠷᠤᠯᠴᠠᠬᠤ ᠳᠤᠷ᠎ᠠ ᠰᠤᠨᠢᠷᠬᠠᠯ ᠢ ᠨᠦᠯᠦᠭᠡᠯᠡᠵᠤ᠂ ᠵᠢᠩᠭᠢᠨᠢ ᠪᠠᠷ ᠰᠤᠷᠭᠠᠭᠤᠯᠢ ᠳᠤ ᠰᠠᠭᠤᠵᠦ ᠡᠷᠳᠡᠮ ᠮᠡᠳᠡᠯᠭᠡ | ᠡᠵᠡᠮᠰᠢᠬᠦ ᠪᠤᠯᠬᠤ ᠳᠤ ᠰᠤᠷᠬᠤ ᠰᠤᠨᠢᠭᠤᠴᠠᠯ ᠢ ᠨᠢ ᠠᠯᠳᠠᠭᠤᠯᠬᠤ ᠨᠠᠵᠠᠭᠠᠢ ᠦᠷ᠎ᠠ ᠳ᠋ᠦᠡᠭ ᠢ ᠠᠪᠴᠢᠷᠠᠳᠠᠭ᠃ | ᠡᠶᠢᠮᠦ ᠠᠴᠠ ᠭᠡᠷ ᠤᠨ ᠠᠬᠠᠮᠠᠳ ᠪᠤᠯᠤᠭᠰᠠᠳ ᠬᠡᠥᠬᠡᠳ ᠤᠨ ᠦᠰᠬᠦ ᠨᠠᠰᠤᠨ ᠤ ᠠᠳᠠᠯᠢ ᠪᠤᠰᠤ ᠴᠠᠭ | ᠬᠤᠭᠤᠴᠠᠭ᠎ᠠ ᠳᠤ ᠨᠢ ᠳᠤᠬᠢᠷᠠᠭᠤᠯᠤᠨ ᠵᠦᠪ ᠤᠨᠤᠪᠴᠢᠳᠠᠢ ᠠᠷᠭ᠎ᠠ ᠪᠠᠷᠢᠯ ᠢᠶᠠᠷ ᠳᠡᠳᠡᠡ ᠤ ᠡᠷᠡᠭᠦᠯ ᠢᠶᠠᠷ ᠦᠰᠦᠨ | ᠪᠤᠶᠢᠵᠢᠬᠤ ᠳᠤ ᠵᠦᠪ ᠵᠠᠮ ᠢ ᠳᠡᠪᠢᠰᠴᠤ ᠦᠭᠭᠦ ᠨᠢ ᠶᠠᠭᠤᠨ ᠠᠴᠠ ᠴᠤ ᠡᠷᠬᠢᠮ᠃ ᠬᠡᠥᠬᠡᠳ ᠢᠶᠠᠨ ᠰᠠᠯᠠᠢ ᠨᠢ | ᠬᠠᠳᠠᠬᠤ ᠠᠴᠠ ᠡᠮᠥᠨ᠎ᠠ ᠢᠷᠡᠭᠡᠳᠦᠢ ᠳᠤ ᠰᠦᠷᠡᠬᠡᠢ ᠶᠠᠭᠤᠮ᠎ᠠ ᠪᠤᠯᠭᠠᠬᠤ ᠭᠡᠵᠤ ᠶᠠᠭᠠᠷᠠᠬᠤ ᠪᠠᠨ ᠪᠤᠯᠢᠭᠠᠴᠢ ᠡ︕ | | | | | | ᠢᠷᠡᠯᠲᠡ᠄ ᠦᠪᠦᠷ ᠮᠤᠩᠭᠤᠯ ᠤᠨ ᠪᠠᠭᠠᠴᠥᠳ ᠤᠨ ᠰᠤᠨᠢᠨ |