ᠭᠡᠷ ᠪᠣᠯ ᠭᠦᠮᠦᠰ ᠤᠨ ᠠᠮᠣᠷ ᠲᠡᠶᠢᠪᠣᠩ ᠠᠮᠠᠷᠠᠯᠳᠠ ᠶᠢᠨ ᠭᠠᠷᠠᠮ᠂ ᠮᠦᠷᠦᠭᠡᠳᠣᠯ ᠪᠡᠶᠡᠯᠡᠭᠦᠯᠳᠡᠭ ᠭᠠᠵᠠᠷ᠂ | ᠰᠠᠶᠢᠨ ᠰᠠᠶᠢᠬᠠᠨ ᠠᠮᠢᠳᠣᠷᠠᠯ ᠤᠨ ᠲᠠᠯᠠᠪᠣᠷ᠂ ᠮᠦᠡᠴᠤ ᠠᠵᠢᠯ ᠦᠢᠯᠠᠰ ᠤᠨ ᠠᠷᠣ ᠲᠦᠰᠢᠭ᠂ ᠠᠵᠨ ᠵᠢᠷᠭᠠᠯ ᠤᠨ | ᠣᠨᠳᠣᠷᠣᠮᠠᠯ ᠪᠣᠯᠠᠭ ᠰᠠᠨ᠃ ᠬᠦᠮᠦᠰ ᠶᠡᠷᠣ ᠨᠢ ᠠᠷᠢᠭᠤᠨ ᠴᠡᠪᠡᠷ ᠰᠠᠶᠢᠨ ᠰᠠᠶᠢᠬᠠᠨ ᠣᠷᠴᠢᠨ ᠲᠣᠭᠤᠷᠢᠨ᠂ ᠣᠷᠣᠨ | ᠰᠠᠭᠤᠴᠨ ᠶᠢ ᠭᠦᠰᠡᠮᠵᠢᠯᠡᠳᠡᠭ᠃ ᠴᠡᠪᠡᠷ ᠰᠠᠶᠢᠬᠠᠨ ᠭᠡᠷ ᠨᠢ ᠪᠡᠶ᠎ᠡ ᠶᠢ ᠲᠡᠶᠢᠪᠣᠰᠢᠷᠠᠭᠤᠯᠵᠥ᠂ ᠵᠣᠯ ᠵᠢᠷᠭᠠᠯ ᠤᠨ | ᠮᠡᠳᠡᠷᠡᠮᠵᠢ ᠶᠢ ᠲᠡᠭᠡᠭᠰᠢᠯᠡᠭᠦᠯᠳᠡᠭ ᠶᠣᠮ᠃ | ᠭᠡᠷ ᠦᠷᠦᠭᠡ ᠪᠠᠨ ᠠᠷᠢᠭᠤᠨ ᠴᠡᠪᠡᠷ ᠪᠠᠶᠢᠯᠭᠠᠬᠤ ᠨᠢ ᠨᠢᠭᠡ ᠭᠦᠮᠦᠨ ᠤ ᠠᠮᠢᠳᠣᠷᠠᠯ ᠳᠤ ᠬᠠᠨᠳᠣᠬᠤ ᠣᠪᠣᠷ ᠢ | ᠢᠯᠡᠷᠡᠭᠦᠯᠭᠦ ᠪᠠᠷ ᠪᠠᠷᠠᠬᠤ ᠦᠭᠡᠢ᠂ ᠦᠪᠡᠷ ᠤᠨ ᠢᠶᠠᠨ ᠠᠮᠢᠳᠣᠷᠠᠯ ᠢ ᠦᠨᠦᠷ ᠠᠮᠳᠠ ᠲᠠᠢ᠂ ᠣᠳᠬ᠎ᠠ ᠣᠴᠢᠷ ᠲᠠᠢ | ᠦᠩᠭᠡᠷᠡᠭᠦᠯᠭᠦ ᠴᠢᠳᠠᠪᠣᠷᠢ ᠶᠢ ᠢᠯᠡᠷᠡᠭᠦᠯᠳᠡᠭ᠃ ︽ᠪᠡᠶ᠎ᠡ ᠪᠠᠨ ᠵᠠᠰᠠᠭᠠᠳ ᠭᠡᠷ ᠢᠶᠠᠨ ᠵᠠᠰᠨ᠂ ᠭᠡᠷ ᠢᠶᠠᠨ ᠵᠠᠰᠠᠭᠠᠳ | ᠲᠦᠷᠦ ᠪᠠᠨ ᠵᠠᠰᠨ︾ ᠭᠡᠳᠡᠭ ᠢᠶᠠᠷ ᠠᠵᠨ ᠵᠢᠷᠭᠠᠯ ᠲᠠᠢ ᠠᠮᠢᠳᠣᠷᠠᠶ᠎ᠠ ᠭᠡᠪᠡᠯ ᠭᠡᠷ ᠢᠶᠠᠨ ᠴᠡᠪᠡᠷᠯᠡᠭᠦ ᠠᠴᠠ ᠡᠬᠢᠯᠡᠭᠡᠷᠠᠢ | ᠬᠦᠮᠦᠰ ᠡ᠃ | ᠭᠡᠷ ᠦᠷᠦᠭᠡ ᠪᠠᠨ ᠠᠷᠢᠭᠤᠨ ᠴᠡᠪᠡᠷ ᠪᠠᠶᠢᠯᠭᠠᠬᠤ ᠪᠣᠯ ᠮᠣᠩᠭᠤᠯᠴᠣᠳ ᠤᠨ ᠡᠷᠭᠢᠮ ᠰᠠᠶᠢᠬᠠᠨ ᠰᠣᠷᠳᠠᠯ ᠶᠣᠮ | ᠃ ᠲᠡᠭᠡᠳᠣᠰ ᠤᠨ ᠮᠠᠨᠢ ᠠᠷᠢᠭᠤᠨ ᠰᠣᠷᠳᠠᠯ ᠪᠢᠳᠠᠨ ᠤ ᠠᠮᠢᠳᠣᠷᠠᠯ ᠤᠨ ᠲᠣᠯᠢ ᠪᠣᠯᠳᠠᠭ᠃ ᠮᠣᠩᠭᠤᠯᠴᠣᠳ ᠰᠢᠨ᠎ᠠ | ᠵᠢᠯ ᠢᠶᠠᠨ ᠠᠷᠢᠭᠤᠨ ᠴᠡᠪᠡᠷ ᠡᠩᠭᠡ ᠰᠠᠶᠢᠬᠠᠨ ᠣᠭᠳᠣᠪᠠᠯ ᠢᠷᠡᠭᠦ ᠵᠢᠯ ᠳᠡᠭᠡᠨ ᠡᠷᠡᠭᠦᠯ ᠮᠠᠠᠳᠤ᠂ ᠭᠡᠰᠢᠭ ᠪᠣᠶᠠᠨ | ᠠᠷᠪᠢᠵᠢᠨ ᠬᠡᠶᠢᠮᠣᠷᠢ ᠲᠠᠢ ᠪᠠᠶᠢᠬᠤ ᠶᠢ ᠪᠡᠯᠭᠡᠰᠢᠶᠠᠵᠥ᠂ ᠰᠢᠨᠡᠯᠡᠭᠦ ᠠᠴᠠ ᠡᠮᠣᠨ᠎ᠠ ᠭᠭᠢᠷ ᠪᠣᠷᠳᠠᠭ ᠢᠶᠠᠨ ᠣᠭᠢᠶᠠᠵᠥ᠂ | ᠬᠠᠨ᠎ᠠ ᠭᠡᠷᠡᠮ ᠤᠨ ᠢᠶᠠᠨ ᠬᠤᠭ ᠲᠣᠭᠤᠰᠣ ᠶᠢ ᠰᠢᠭᠦᠷᠳᠠᠨ᠂ ᠬᠤᠷᠭᠤ ᠰᠠᠪᠠ ᠪᠠᠨ ᠴᠡᠪᠡᠷᠯᠡᠨ ᠲᠢᠭᠯᠡᠵᠥ᠂ ᠬᠠᠰᠢᠶ᠎ᠠ | ᠭᠦᠷᠢᠶ᠎ᠡ ᠪᠠᠨ ᠡᠪ ᠲᠢᠭ ᠲᠠᠢ ᠪᠣᠯᠭᠠᠬᠤ ᠮᠠᠳᠤ ᠶᠢᠨ ᠠᠷᠢᠭᠤᠨ ᠴᠡᠪᠡᠷᠯᠡᠭᠡ ᠶᠢᠨ ᠠᠵᠢᠯ ᠭᠡᠳᠡᠭ ᠶᠣᠮ᠃ | ᠭᠡᠷ ᠢᠶᠠᠨ ᠴᠡᠪᠡᠷᠯᠡᠭᠦ ᠨᠢ ᠪᠠᠰᠨ ᠰᠠᠳᠭᠡᠯ ᠰᠠᠨᠠᠭ᠎ᠠ ᠪᠠᠨ ᠴᠡᠪᠡᠷᠯᠡᠵᠥ ᠪᠠᠶᠢᠬᠤ ᠶᠠᠪᠣᠳᠠᠯ ᠮᠦᠨ᠃ ᠭᠡᠷ ᠤᠨ | ᠡᠳ᠋ ᠪᠤᠳᠠᠰ ᠢᠶᠠᠨ ᠲᠠᠰ ᠲᠠᠷᠠᠭ᠎ᠠ ᠲᠠᠢ ᠪᠠᠶᠢᠯᠭᠠᠬᠤ ᠪᠣᠯ ᠨᠢᠭᠡ ᠵᠦᠢᠯ ᠤᠨ ᠠᠮᠢᠳᠣᠷᠠᠯ ᠤᠨ ᠵᠠᠩᠰᠢᠯ ᠪᠣᠯᠬᠤ ᠶᠣᠮ᠃ | ᠭᠡᠷ ᠤᠨ ᠠᠷᠢᠭᠤᠨ ᠴᠡᠪᠡᠷ ᠨᠢ ᠪᠠᠶᠠᠨ ᠶᠠᠳᠠᠭᠤ ᠲᠠᠢ ᠬᠤᠯᠪᠣᠭ᠎ᠠ ᠦᠭᠡᠢ᠂ ᠰᠣᠷᠣᠯᠭ᠎ᠠ ᠶᠢᠨ ᠨᠠᠮᠳᠠᠷ ᠲᠠᠢ ᠴᠤ | ᠬᠠᠷᠢᠴᠠᠭ᠎ᠠ ᠦᠭᠡᠢ᠂ ᠬᠠᠷᠢᠨ ᠠᠮᠢᠳᠣᠷᠠᠬᠤᠢ ᠶᠢᠨ ᠣᠪᠣᠷ ᠲᠠᠢ ᠬᠤᠯᠪᠣᠭᠳᠠᠳᠠᠭ᠃ ᠭᠡᠷ ᠤᠨ ᠡᠳ᠋ ᠭᠦᠷᠦᠩᠭᠡ ᠨᠢ | ᠭᠡᠳᠤᠢ ᠠᠷᠪᠢᠨ ᠪᠠᠶᠢᠯ᠎ᠠ ᠭᠡᠳ ᠠᠷᠴᠢᠵᠥ ᠴᠡᠪᠡᠷᠯᠡᠭᠦ ᠦᠭᠡᠢ ᠪᠣᠯ ᠦᠩᠭᠡ ᠨᠢ ᠲᠠᠷᠣᠭᠳᠠᠵᠥ ᠴᠢᠨᠠᠷ ᠨᠢ ᠪᠠᠭᠤᠷᠠᠨ᠎ᠠ | ᠰᠢᠤ᠃ ᠠᠷᠢᠭᠤᠨ ᠴᠡᠪᠡᠷᠯᠡᠭᠡ ᠭᠢᠭᠦ ᠪᠣᠯ ᠭᠡᠣᠭᠡᠳ ᠢᠶᠠᠨ ᠭᠦᠮᠦᠵᠢᠭᠦᠯᠭᠦ ᠶᠠᠪᠣᠴᠨ ᠮᠦᠨ᠃ ᠭᠡᠷ ᠤᠨ ᠠᠵᠢᠯ ᠠᠬᠤᠢ | ᠭᠢᠭᠦ ᠨᠢ ᠪᠠᠶ᠎ᠠ ᠶᠢᠨ ᠭᠦᠳᠡᠯᠮᠣᠷᠢ ᠳᠤ ᠬᠠᠷᠢᠶᠠᠯᠠᠭᠳᠠᠵᠣ ᠪᠠᠶᠢᠳᠠᠭ᠃ ᠭᠦᠳᠡᠯᠮᠣᠷᠢ ᠶᠢ ᠬᠠᠶᠢᠷᠠᠯᠠᠬᠤ ᠪᠣᠯ ᠭᠦᠮᠦᠨ | ᠲᠦᠷᠦᠯᠬᠢᠳᠡᠨ ᠤ ᠬᠠᠮᠤᠭ ᠤᠨ ᠪᠣᠯᠪᠠᠰᠣᠨ ᠰᠣᠷᠳᠠᠯ ᠶᠣᠮ᠃ | ᠠᠷᠢᠭᠤᠨ ᠴᠡᠪᠡᠷ᠂ ᠬᠠᠯᠠᠭᠤᠨ ᠲᠣᠯᠠᠭᠠᠨ ᠣᠷᠴᠢᠨ ᠲᠣᠭᠤᠷᠢᠨ ᠳᠤ ᠭᠡᠣᠭᠡᠳ ᠪᠠᠶᠠᠷ ᠪᠠᠶᠠᠰᠣᠯ ᠢᠶᠠᠷ | ᠪᠢᠯᠬᠠᠮ᠎ᠠ ᠪᠠᠶᠢᠳᠠᠭ᠃ ᠪᠠᠶᠠᠷ ᠪᠠᠶᠠᠰᠣᠩᠭᠤᠢ ᠪᠠᠶᠢᠬᠤ ᠨᠢ ᠭᠡᠣᠭᠡᠳ ᠤᠨ ᠡᠷᠡᠭᠦᠯ ᠰᠠᠷᠠᠭᠤᠯ ᠦᠰᠦᠨ ᠪᠤᠶᠢᠵᠢᠬᠤ᠂ | ᠠᠪᠢᠶᠠᠰ ᠪᠢᠯᠢᠭ ᠢ ᠨᠡᠭᠡᠭᠳᠡᠭᠦᠯᠬᠦ᠂ ᠰᠣᠷᠣᠯᠴᠠᠬᠤ ᠣᠷᠮ᠎ᠠ ᠶᠢ ᠬᠦᠭᠵᠢᠭᠡᠬᠦ ᠳᠤ ᠴᠢᠬᠤᠯᠨ ᠰᠠᠭᠤᠷᠢ ᠪᠣᠯᠳᠠᠭ ᠶᠣᠮ᠂ | ᠡᠶᠢᠮᠣ ᠪᠠᠷ ᠢᠶᠠᠨ ᠪᠢᠳᠡ ︽ᠭᠡᠷ︾ ᠲᠤ ᠪᠠᠨ ᠪᠦᠭᠦ ᠰᠠᠳᠭᠡᠯ ᠢᠶᠠᠨ᠂ ᠪᠦᠳᠦᠨ ᠵᠠᠶᠠᠭ᠎ᠠ ᠪᠠᠨ᠂ ᠪᠦᠷᠢᠨ | ᠬᠠᠷᠢᠭᠤᠴᠠᠯᠭ᠎ᠠ ᠪᠠᠨ ᠵᠣᠷᠢᠭᠤᠯᠣᠶᠠ︕ | | | | ᠢᠷᠡᠯᠲᠡ᠄ ᠦᠪᠣᠷ ᠮᠣᠩᠭᠤᠯ ᠤᠨ ᠠᠮᠢᠳᠣᠷᠠᠯ ᠭᠠᠷᠠᠭ ᠤᠨ ᠰᠣᠨᠢᠨ |