ᠲᠤᠯᠤᠢ ᠡᠵᠡᠨ ᠤ ᠡᠵᠡᠮᠰᠢᠨ ᠰᠠᠬᠢᠭᠰᠠᠨ ᠴᠠᠬᠠᠷ ᠨᠢ ᠠᠩᠬ᠎ᠠ ᠡᠬᠢᠯᠡᠭᠡᠳ ᠮᠤᠩᠭᠤᠯ ᠤᠨ ᠶᠡᠭᠡ ᠬᠠᠭᠠᠨ | ᠤᠷᠳᠤᠨ᠂ ᠠᠷᠦ ᠠᠭᠤᠷᠠᠭ ᠢ ᠪᠠᠭᠳᠠᠭᠠᠭᠰᠠᠨ ᠲᠦᠪ ᠤᠷᠤᠨ ᠢᠶᠠᠷ ᠨᠤᠳᠤᠭᠯᠠᠵᠦ ᠪᠠᠶᠢᠵᠠᠢ᠃ ᠦᠬᠡᠳᠡᠢ ᠬᠠᠭᠠᠨ ᠤ | ᠦᠶᠡᠰ ᠰᠤᠷᠬᠠᠭᠳᠠᠨᠢ ᠬᠠᠳᠤᠨ ᠤ ᠬᠤᠪᠢ ᠨᠤᠳᠤᠭ ᠴᠠᠬᠠᠷ ᠨᠢ ᠠᠯᠳᠠᠢ ᠠᠭᠤᠯᠠ ᠨᠢᠷᠤᠭᠤᠳ᠂ ᠬᠢᠷᠬᠢᠰ ᠤᠨ ᠨᠤᠳᠤᠭ | ᠂ ᠲᠦᠷᠪᠡᠨ ᠮᠢᠩᠭᠠᠨ ᠤᠶᠢᠷᠠᠳ ᠲᠠᠢ ᠬᠦᠷᠰᠢᠯᠡᠨ ᠤᠷᠤᠰᠢᠵᠦ ᠪᠠᠶᠢᠪᠠ᠃ ᠡᠬᠦᠨ ᠢ ᠪᠠᠰᠠ ᠭᠤᠤᠯ ᠮᠢᠩᠭᠠᠨ ᠴᠠᠬᠠᠷ | ᠭᠡᠳᠡᠭ᠃ ᠰᠤᠷᠬᠠᠭᠳᠠᠨᠢ ᠶᠢᠨ ᠲᠠᠷᠠᠭ᠎ᠠ ᠲᠡᠬᠦᠨ ᠤ ᠬᠤᠪᠢ ᠨᠤᠳᠤᠭ᠂ ᠴᠡᠷᠢᠭ ᠢᠷᠭᠡᠳ ᠢ ᠲᠡᠬᠦᠨ ᠤ ᠬᠦᠪᠡᠬᠦᠨ | ᠠᠷᠢᠭᠪᠤᠬ᠎ᠠ ᠵᠠᠯᠭᠠᠮᠵᠢᠯᠠᠪᠠ᠃ ᠠᠷᠢᠭᠪᠤᠬ᠎ᠠ᠂ ᠬᠤᠪᠢᠯᠠᠢ ᠳᠤ ᠢᠯᠠᠭᠳᠠᠭᠰᠠᠨ ᠤ ᠲᠠᠷᠠᠭ᠎ᠠ ᠭᠤᠤᠯ ᠮᠢᠩᠭᠠᠨ ᠴᠠᠬᠠᠷ᠂ | ᠤᠶᠢᠷᠠᠳ ᠲᠤ ᠬᠤᠴᠤᠷᠤᠭᠰᠠᠨ ᠪᠢᠯᠡ᠃ ᠬᠤᠵᠢᠮ ᠨᠢ ᠲᠡᠳᠡᠨ ᠢ ᠨᠠᠢᠮᠠᠨ ᠮᠢᠩᠭᠠᠨ ᠬᠤᠶᠢᠳ ᠤᠨ ᠶᠡᠭᠡ ᠮᠢᠩᠭᠠᠨ᠂ | ᠵᠠᠬ᠎ᠠ ᠮᠢᠩᠭᠠᠨ ᠭᠡᠵᠦ ᠨᠡᠷᠡᠶᠢᠳᠬᠦ ᠪᠤᠯᠵᠠᠢ᠃ | ᠮᠠᠨᠳᠤᠭᠤᠯᠢ ᠬᠠᠭᠠᠨ ᠤ ᠦᠶᠡᠰ ᠲᠤ᠂ ᠭᠤᠪᠢ ᠶᠢᠨ ᠡᠮᠦᠨ᠎ᠡ ᠭᠡᠰᠡᠭ ᠤᠨ ᠤᠷᠢᠶᠠᠩᠬᠠᠢ ᠭᠤᠷᠪᠠᠨ ᠬᠠᠯᠬ᠎ᠠ | ᠪᠤᠯᠤᠨ ᠤᠶᠢᠷᠠᠳ ᠤᠨ ᠵᠠᠷᠢᠮ ᠤᠪᠤᠭ ᠠᠶᠢᠮᠠᠭ ᠵᠢᠴᠢ ᠭᠤᠤᠯ ᠮᠢᠩᠭᠠᠨ ᠤ ᠴᠡᠷᠢᠭ ᠠᠷᠠᠳ ᠢ ᠬᠠᠮᠳᠤ ᠳᠤᠨᠢ | ᠮᠤᠩᠭᠤᠯ ᠤᠨ ᠶᠡᠭᠡ ᠬᠠᠭᠠᠨ ᠤ ᠵᠠᠬᠢᠷᠭᠠᠨ ᠲᠤᠤᠷ᠎ᠠ ᠲᠦᠪᠯᠡᠷᠡᠬᠦᠯᠵᠦ ᠴᠠᠬᠠᠷ ᠬᠡᠮᠡᠬᠦ ᠨᠡᠷᠡᠶᠢᠳᠦᠯ ᠢᠶᠠᠷ ᠶᠡᠷᠦᠩᠬᠡᠶᠢᠯᠡᠨ | ᠵᠠᠬᠢᠷᠪᠠ᠃ ᠶᠡᠭᠡ ᠰᠠᠭᠤᠷᠢᠨ ᠨᠢ ᠪᠤᠷᠤᠳᠤᠬᠤᠢ ᠳᠤ ᠪᠠᠶᠢᠵᠠᠢ᠃ ᠤᠯᠠᠭᠠᠨᠨᠠᠭᠤᠷ ᠤᠨ ᠲᠠᠶᠢᠨ ᠠᠴᠠ ᠬᠤᠶᠢᠰᠢ | ᠪᠤᠷᠤᠳᠤᠬᠤᠢ ᠠᠴᠠ ᠤᠬᠤᠷᠢᠨ ᠭᠠᠷᠴᠦ᠂ ᠭᠤᠪᠢ ᠶᠢᠨ ᠡᠮᠦᠨᠡᠬᠢ ᠵᠡᠬᠦᠨ ᠡᠳᠡᠭᠡᠳ ᠬᠡᠷᠦᠯᠦᠨ ᠭᠤᠤᠯ ᠤᠨ ᠤᠷᠤᠰᠬᠠᠯ | ᠲᠠᠭᠠᠤ ᠤᠷᠤᠨ ᠢᠶᠠᠷ ᠨᠡᠬᠦᠳᠡᠯᠯᠡᠨ ᠠᠮᠢᠳᠤᠷᠠᠵᠠᠢ᠃ | 1521 ᠤᠨ ᠳᠤ ᠪᠤᠳᠢ ᠠᠯᠠᠭ ᠬᠠᠭᠠᠨ ᠮᠤᠩᠭᠤᠯ ᠤᠨ ᠶᠡᠭᠡ ᠬᠠᠭᠠᠨ ᠰᠠᠭᠤᠷᠢᠨ ᠢ ᠵᠠᠯᠭᠠᠮᠵᠢᠯᠠᠭᠠᠳ ᠴᠠᠬᠠᠷ | ᠲᠦᠮᠡᠨ ᠢ ᠭᠤᠪᠢ ᠶᠢᠨ ᠠᠷᠦ ᠠᠴᠠ ᠶᠡᠭᠡ ᠭᠤᠪᠢ ᠶᠢᠨ ᠡᠮᠦᠨᠡᠬᠢ ᠶᠡᠭᠡ ᠡᠯᠡᠰᠦᠳᠡᠢ ᠳᠤ ᠨᠡᠬᠦᠯᠬᠡᠨ ᠠᠪᠴᠢᠷᠠᠪᠠ᠃ | 1547 ᠤᠨ ᠳᠤ ᠲᠠᠷᠡᠶᠢᠰᠦᠨ ᠬᠦᠳᠡᠨ ᠬᠠᠭᠠᠨ᠂ ᠴᠠᠬᠠᠷ ᠲᠦᠮᠡᠨ ᠢᠶᠠᠨ ᠶᠡᠭᠡ ᠡᠯᠡᠰᠦᠳᠡᠢ ᠠᠴᠠ ᠵᠡᠬᠦᠨᠰᠢ ᠬᠢᠩᠭᠠᠨ | ᠲᠠᠪᠠᠭᠠᠨ ᠤ ᠵᠡᠬᠦᠨᠳᠡᠢ ᠨᠡᠬᠦᠯᠬᠡᠵᠦ ᠠᠯᠳᠠᠨ ᠬᠢᠩᠭᠠᠨ ᠢ ᠰᠤᠨᠳᠠᠯᠠᠨ ᠨᠤᠳᠤᠭᠯᠠᠵᠠᠢ᠃ ᠲᠦᠮᠡᠨ ᠵᠠᠰᠠᠭᠳᠤ ᠬᠠᠭᠠᠨ ᠤ | ᠦᠶ᠎ᠡ ᠳᠤ ᠨᠤᠨ ᠬᠤᠷᠴᠢᠨ᠂ ᠦᠪᠦᠷ ᠲᠠᠪᠤᠨ ᠤᠳᠤᠭ ᠬᠠᠯᠬ᠎ᠠ᠂ ᠲᠠᠭᠤᠷ ᠪᠤᠯᠤᠨ ᠵᠦᠷᠴᠢᠳ ᠤᠨ ᠵᠠᠷᠢᠮ ᠤᠪᠤᠭ | ᠠᠶᠢᠮᠠᠭ ᠪᠠᠰᠠ ᠴᠠᠬᠠᠷ ᠲᠤ ᠬᠠᠷᠢᠶᠠᠯᠠᠭᠳᠠᠵᠠᠢ᠃ 16 ᠳ᠋ᠤᠭᠠᠷ ᠵᠠᠭᠤᠨ ᠤ ᠰᠡᠬᠦᠯᠴᠢ ᠪᠠᠷ ᠮᠠᠨᠵᠦ ᠶᠢᠨ ᠰᠦᠷ ᠬᠦᠴᠦᠨ | ᠶᠡᠭᠡᠳᠬᠦ ᠶᠢ ᠲᠠᠭᠠᠯᠳᠤᠨ ᠴᠠᠬᠠᠷ ᠤᠨ ᠭᠤᠤᠯ ᠬᠦᠴᠦᠨ ᠵᠡᠬᠦᠨ ᠯᠤᠤᠬ᠎ᠠ ᠶᠢᠨ ᠭᠤᠤᠯ ᠠᠴᠠ ᠪᠠᠷᠠᠭᠤᠨᠰᠢ ᠤᠬᠤᠷᠢᠨ | ᠭᠠᠷᠴᠠᠢ᠃ | 1627 ᠤᠨ ᠳᠤ ᠵᠡᠬᠦᠨ ᠯᠤᠤᠬ᠎ᠠ ᠶᠢᠨ ᠭᠤᠤᠯ ᠤᠨ ᠵᠡᠬᠦᠨ ᠡᠷᠬᠢ ᠪᠠᠷ ᠨᠡᠬᠦᠳᠡᠯᠯᠡᠨ ᠮᠠᠯᠵᠢᠵᠦ ᠪᠠᠶᠢᠭᠰᠠᠨ | ᠠᠤᠬᠠᠨ᠂ ᠨᠠᠢᠮᠠᠨ ᠤ ᠡᠵᠡᠳ ᠨᠤᠶᠠᠳ ᠤᠨ ᠤᠯᠠᠩᠬᠢ ᠨᠢ ᠴᠠᠬᠠᠷ ᠠᠴᠠ ᠤᠷᠪᠠᠵᠦ ᠮᠠᠨᠵᠦ ᠳᠤ ᠪᠠᠭᠤᠵᠦ ᠦᠭᠴᠡᠢ᠃ | ᠬᠠᠷᠢᠨ ᠴᠠᠬᠠᠷ ᠤᠨ ᠠᠯᠠᠭᠴᠤᠳ᠂ ᠲᠤᠯᠤᠳ ᠤᠪᠤᠭ ᠠᠶᠢᠮᠠᠭ ᠨᠢ ᠰᠢᠷᠠᠮᠦ᠋ᠷᠡᠨ ᠤ ᠤᠷᠤᠰᠬᠠᠯ ᠲᠠᠭᠠᠤ ᠤᠷᠤᠨ ᠵᠠᠢ | ᠨᠤᠳᠤᠭᠯᠠᠵᠦ ᠪᠠᠶᠢᠭᠰᠠᠨ ᠢᠶᠠᠷ ᠰᠢᠷᠠᠮᠦ᠋ᠷᠡᠨ ᠠᠴᠠ ᠡᠮᠦᠨᠡᠰᠢᠬᠢ ᠭᠠᠵᠠᠷ ᠨᠤᠳᠤᠭ ᠤᠤᠯ ᠬᠡᠪ ᠢᠶᠠᠷ ᠴᠠᠬᠠᠷ ᠤᠨ | ᠬᠠᠷᠢᠶᠠᠨ ᠳᠤ ᠵᠠᠬᠢᠷᠤᠭᠳᠠᠵᠦ ᠪᠠᠶᠢᠭᠰᠠᠨ ᠶᠤᠮ᠃ ᠲᠡᠭᠡᠬᠦ ᠪᠠᠷ ᠢᠶᠠᠨ 1632 ᠤᠨ ᠬᠦᠷᠳᠡᠯ᠎ᠡ ᠴᠠᠬᠠᠷ ᠯᠢᠭᠳᠡᠨ | ᠬᠠᠭᠠᠨ ᠤ ᠲᠦᠪ ᠰᠠᠭᠤᠷᠢᠨ ᠨᠢ ᠭᠤᠪᠢ ᠶᠢᠨ ᠡᠮᠦᠨ᠎ᠡ ᠰᠢᠷᠠᠮᠦ᠋ᠷᠡᠨ ᠤ ᠠᠷᠦ᠂ ᠬᠢᠩᠭᠠᠨ ᠲᠠᠪᠠᠭᠠᠨ ᠤ ᠵᠡᠬᠦᠨ ᠬᠠᠭᠤᠯ | ︵ᠬᠤᠤᠯᠢᠨ︶ ᠭᠤᠤᠯ ᠤᠨ ᠪᠠᠷᠠᠭᠤᠨ ᠭᠡᠰᠡᠭ ᠪᠦᠬᠦᠨ ᠢᠶᠠᠷ ᠶᠢᠨ ᠪᠠᠭᠳᠠᠵᠦ ᠪᠠᠶᠢᠪᠠ᠃ ᠡᠨᠡ ᠦᠶ᠎ᠡ ᠳᠤ ᠲᠡᠬᠦᠨ ᠤ | ᠰᠢᠭᠤᠳ ᠨᠤᠶᠠᠷᠬᠠᠯ ᠳᠤ ︽ᠨᠠᠢᠮᠠᠨ ᠶᠡᠭᠡ ᠪᠠᠭ ︵八大营︶ ᠬᠤᠷᠢᠨ ᠲᠦᠷᠪᠡᠨ ᠠᠶᠢᠮᠠᠭ︾ ︵︽ | ᠡᠷᠳᠡᠨᠢ ᠶᠢᠨ ᠲᠤᠪᠴᠢ︾ ᠳᠤ ᠦᠵᠡ︶ ᠹᠸᠤᠳᠠᠯ ᠬᠠᠷᠢᠶᠠᠳᠤ ᠭᠠᠵᠠᠷ ᠪᠠᠶᠢᠭᠰᠠᠨ ᠪᠦᠭᠡᠳ ᠭᠠᠵᠠᠷ ᠨᠤᠳᠤᠭ ᠨᠢ | ᠵᠡᠬᠦᠨᠰᠢ ᠯᠢᠶᠤᠤᠰᠢ᠂ ᠪᠠᠷᠠᠭᠤᠨᠰᠢ ᠲᠤᠤ ᠡᠾᠧ ︵洮河 — ᠭᠠᠨᠰᠦ ᠮᠤᠵᠢ ᠳᠤ ᠪᠤᠢ︶ ᠬᠦᠷᠳᠡᠯ᠎ᠡ ᠴᠠᠬᠠᠷ | ᠤᠨ ᠵᠠᠬᠢᠷᠭᠠᠨ ᠳᠤ ᠤᠷᠤᠵᠦ᠂ ᠪᠦᠬᠦ ᠮᠤᠩᠭᠤᠯ ᠢ ᠨᠢᠬᠡᠳᠭᠡᠬᠦ ᠶᠢᠨ ᠰᠠᠭᠤᠷᠢ ᠨᠢ ᠪᠤᠯᠵᠦ ᠪᠠᠶᠢᠪᠠ᠃ ᠬᠡᠪᠡᠴᠦ ᠪᠦᠬᠦ | ᠮᠤᠩᠭᠤᠯ ᠤᠯᠤᠰ ᠢ ᠦᠪᠡᠷ ᠤᠨ ᠡᠷᠬᠡᠰᠢᠶᠡᠯ ᠳᠡᠭᠡᠨ ᠤᠷᠤᠭᠤᠯᠤᠨ᠎ᠠ ᠭᠡᠰᠡᠨ ᠯᠢᠭᠳᠡᠨ ᠬᠠᠭᠠᠨ ᠤ ᠤᠷᠤᠯᠳᠤᠯᠭ᠎ᠠ ᠨᠢ | ᠭᠤᠪᠢ ᠶᠢᠨ ᠡᠮᠦᠨᠡᠬᠢ ᠹᠸᠤᠳᠠᠯ ᠤᠨ ᠨᠤᠶᠠᠳ ᠲᠤ ᠬᠦᠷᠢᠶᠡᠯᠡᠭᠳᠡᠬᠦ ᠦᠬᠡᠢ ᠪᠠᠶᠢᠪᠠ᠃ ᠤᠴᠢᠷ ᠨᠢ ᠲᠡᠷᠡ ᠮᠢᠩ | ᠤᠯᠤᠰ ᠤᠨ ᠵᠠᠰᠠᠭ ᠤᠨ ᠭᠠᠵᠠᠷ ᠠᠴᠠ ᠡᠯ᠎ᠡ ᠤᠪᠤᠭ ᠠᠶᠢᠮᠠᠭ ᠲᠤ ᠤᠯᠭᠤᠵᠦ ᠪᠠᠶᠢᠭᠰᠠᠨ ᠨᠦᠬᠦᠪᠦᠷᠢ ᠮᠦᠩᠬᠦ ᠶᠢ | ᠭᠠᠭᠴᠠ ᠪᠠᠷ ᠡᠵᠡᠮᠰᠢᠬᠦ᠂ ᠡᠯ᠎ᠡ ᠠᠶᠢᠮᠠᠭ ᠠᠴᠠ ᠲᠤᠳᠤᠷ᠎ᠠ ᠭᠠᠵᠠᠷ ᠯᠤᠭ᠎ᠠ ᠬᠢᠬᠦ ᠠᠷᠠᠯᠵᠢᠶ᠎ᠡ ᠬᠤᠳᠠᠯᠳᠤᠭ᠎ᠠ ᠶᠢ | ᠡᠷᠬᠡᠰᠢᠶᠡᠬᠦ ᠵᠡᠷᠭᠡ ᠪᠠᠷ ᠤᠷᠤᠯᠳᠤᠭᠰᠠᠨ ᠳᠤ ᠤᠷᠤᠰᠢᠨ᠎ᠠ᠃ ᠲᠡᠶᠢᠮᠦ ᠠᠴᠠ ᠲᠡᠷᠡ ᠦᠶᠡᠰ ᠡᠷᠬᠡᠰᠢᠶᠡᠨ ᠠᠪᠤᠭᠰᠠᠨ | ᠬᠠᠷᠠᠴᠢᠨ᠂ ᠲᠦᠮᠡᠳ ᠤᠨ ᠨᠤᠶᠠᠳ ᠪᠠ ᠯᠢᠭᠳᠡᠨ ᠬᠠᠭᠠᠨ ᠤ ᠦᠪᠡᠷ ᠤᠨ ᠬᠢᠨᠢ ᠬᠠᠷᠢᠶᠠᠳᠤ ᠦᠵᠦᠮᠦᠴᠢᠨ᠂ | ᠬᠠᠭᠤᠴᠢᠳ᠂ ᠰᠦᠨᠢᠳ ᠵᠡᠷᠭᠡ ᠠᠶᠢᠮᠠᠭ ᠤᠨ ᠹᠸᠤᠳᠠᠯ ᠨᠤᠶᠠᠳ ᠦᠪᠡᠷ ᠤᠨ ᠡᠷᠭᠡ ᠠᠰᠢᠭ ᠢᠶᠠᠨ ᠬᠠᠮᠠᠭᠠᠯᠠᠬᠤ ᠶᠢᠨ | ᠲᠤᠰᠠᠳᠠ ᠬᠠᠷᠢᠶᠠᠳᠤ ᠠᠷᠠᠳ ᠢᠶᠠᠨ ᠠᠪᠴᠤ ᠠᠷᠦ ᠬᠠᠯᠬ᠎ᠠ ᠶᠢᠨ ᠬᠢᠯᠢ ᠬᠢᠵᠠᠭᠠᠷ ᠦᠬᠡᠳᠡ ᠨᠡᠬᠦᠨ ᠶᠠᠪᠤᠭᠰᠠᠨ ᠪᠤᠶᠤ | ᠬᠤᠶᠢᠳᠤ ᠠᠯᠳᠠᠨ ᠤᠯᠤᠰ ᠲᠤ ᠪᠠᠭᠤᠵᠦ ᠦᠭᠴᠡᠢ᠃ | ᠲᠠᠶᠢᠴᠢᠩ ᠤᠯᠤᠰ ᠤᠨ ᠡᠩᠭᠡ ᠠᠮᠤᠭᠤᠯᠠᠩ ᠤᠨ ᠠᠷᠪᠠᠨ ᠲᠦᠷᠪᠡᠳᠤᠭᠡᠷ ᠤᠨ ︵1675︶ ᠳᠤ ᠴᠠᠬᠠ᠊ᠷ | ᠠᠶᠢᠮᠠᠭ ᠢ ᠯᠢᠶᠤᠤᠳᠦ᠋ᠩ ᠤᠨ ᠢᠵᠸᠤ ᠠᠴᠠ ᠴᠢᠭᠤᠯᠤᠯᠳᠤ ᠬᠠᠭᠠᠯᠭ᠎ᠠ᠂ ᠰᠢᠤᠸᠠᠨ ᠬᠤᠸᠠ᠂ ᠲᠠᠶᠢᠲ᠋ᠦ᠋ᠩ ᠤᠨ ᠠᠷᠦ | ᠵᠠᠬ᠎ᠠ ᠳᠤ ᠠᠯᠪᠠᠳᠠᠯᠭ᠎ᠠ ᠪᠠᠷ ᠰᠢᠯᠵᠢᠬᠦᠯᠵᠡᠢ᠃ ᠡᠨᠡ ᠨᠢ ᠬᠤᠵᠢᠮ ᠤᠨ ︽ᠴᠠᠬᠠᠷ ᠨᠠᠢᠮᠠᠨ ᠬᠤᠰᠢᠭᠤ︾ ᠶᠢᠨ ᠦᠨᠢ | ᠮᠦᠩᠭᠡ ᠶᠢᠨ ᠲᠦᠬᠡᠷᠭᠡ ᠨᠤᠳᠤᠭ ᠤᠨ ᠨᠢᠬᠡ ᠬᠡᠰᠡᠭ ᠨᠢ ᠪᠤᠯᠵᠦ ᠲᠤᠭᠳᠠᠨᠢᠵᠠᠢ᠃ | ᠡᠨᠡ ᠬᠦ ᠨᠤᠳᠤᠭ ᠨᠢ ᠨᠠᠶᠢᠰᠯᠠᠯ ᠬᠤᠳᠠ ᠠᠴᠠ ᠵᠡᠬᠦᠨ ᠬᠤᠶᠢᠰᠢ ᠲᠠᠪᠤᠨ ᠵᠠᠭᠤᠨ ᠲᠦᠴᠢᠨ ᠭᠠᠵᠠᠷ ᠵᠠᠢ ᠲᠠᠢ | ᠂ ᠵᠡᠬᠦᠨᠰᠢ ᠪᠠᠨ ᠬᠡᠰᠢᠭᠳᠡᠨ ᠤ ᠲᠦᠰᠢ ᠬᠠᠶᠢᠷᠬᠠᠨ ᠤ ᠪᠠᠷᠠᠭᠤᠨ ᠵᠠᠬ᠎ᠠ ᠲᠠᠢ ᠬᠦᠷᠰᠢᠯᠡᠵᠦ ᠡᠮᠦᠨᠡᠰᠢ ᡁᠢ ᠯᠢ ᠶᠢᠨ | ᠦᠷᠦᠬᠡᠰᠦᠨ ᠴᠢᠯᠠᠭᠤᠨ ᠠᠮᠠ ᠴᠢᠭᠤᠯᠤᠯᠳᠤ ᠬᠠᠭᠠᠯᠭ᠎ᠠ᠂ ᠱᠠᠨ ᠰᠢ ᠶᠢᠨ ᠲᠠᠶᠢᠲ᠋ᠦ᠋ᠩ᠂ ᠰᠦᠸᠧᠫᠢᠩ ᠲᠠᠢ ᠵᠠᠬ᠎ᠠ | ᠨᠠᠶᠢᠯᠠᠵᠦ᠂ ᠬᠤᠶᠢᠰᠢ ᠪᠠᠨ ᠰᠦᠨᠢᠳ ᠸᠠᠩ ᠤᠨ ᠨᠤᠳᠤᠭ ᠪᠠ ᠲᠦᠷᠪᠡᠨ ᠭᠡᠤᠭᠡᠳ ᠤᠨ ᠬᠤᠰᠢᠭᠤ᠂ ᠲᠠᠷᠬᠠᠨ ᠪᠠᠶᠢᠯ᠎ᠡ | ᠬᠤᠰᠢᠭᠤ ᠲᠠᠢ ᠵᠠᠬ᠎ᠠ ᠨᠡᠶᠢᠯᠡᠵᠦ ᠮᠢᠩᠭᠠᠨ ᠭᠠᠵᠠᠷ ᠦᠷᠬᠦᠯᠵᠢᠯᠡᠨ᠎ᠡ᠃ | ᠬᠦᠪᠡᠬᠡᠳᠦ ᠰᠢᠷ᠎ᠠ ᠬᠤᠰᠢᠭᠤ᠄ ᠰᠤᠮᠤᠨ ᠬᠠᠳᠠᠨ ᠳᠤ ᠲᠦᠪᠯᠡᠨ᠎ᠡ᠃ ᠴᠢᠭᠤᠯᠤᠯᠳᠤ ᠬᠠᠭᠠᠯᠭ᠎ᠠ ᠠᠴᠠ ᠬᠤᠶᠢᠰᠢ | ᠭᠤᠷᠪᠠᠨ ᠵᠠᠭᠤ ᠲᠦᠴᠢᠨ ᠭᠠᠵᠠᠷ ᠲᠤ ᠪᠤᠢ᠃ ᠵᠡᠬᠦᠨ ᠤᠷᠤᠭᠰᠢ ᠨᠡᠶᠢᠰᠯᠠᠯ ᠠᠴᠠ ᠲᠤᠯᠤᠭᠠᠨ ᠵᠠᠭᠤᠨ ᠲᠠᠪᠢᠨ ᠭᠠᠵᠠᠷ | ᠵᠠᠶᠢᠳᠠᠢ᠃ ᠮᠠᠯ ᠤᠨ ᠪᠡᠯᠴᠢᠬᠡᠷ ᠨᠢ ᠴᠢᠭᠤᠯᠤᠯᠳᠤ ᠬᠠᠭᠠᠯᠭ᠎ᠠ ᠠᠴᠠ ᠬᠤᠶᠢᠰᠢ ᠪᠤᠢ᠃ ᠵᠡᠬᠦᠨᠰᠢ ᠬᠦᠯᠦ ᠴᠠᠭᠠᠨ | ᠬᠤᠰᠢᠭᠤ ᠲᠠᠢ ᠬᠦᠷᠰᠢᠯᠡᠵᠦ᠂ ᠬᠤᠶᠢᠰᠢ ᠰᠦᠨᠢᠳ ᠸᠠᠩ ᠤᠨ ᠨᠤᠳᠤᠭ ᠲᠠᠢ ᠵᠠᠯᠭᠠᠨ᠎ᠠ᠃ ᠦᠷᠭᠡᠨ ᠢᠶᠠᠷ ᠢᠶᠠᠨ ᠵᠠᠭᠤ | ᠵᠢᠷᠠᠨ ᠭᠠᠵᠠᠷ᠂ ᠤᠷᠳᠤ ᠪᠠᠷ ᠢᠶᠠᠨ ᠵᠠᠭᠤ ᠶᠡᠷᠡᠨ ᠭᠠᠵᠠᠷ᠃ ᠬᠦᠯᠦ ᠰᠢᠷ᠎ᠠ ᠬᠤᠰᠢᠭᠤ᠄ ᠮᠦᠰᠦᠨ ᠲᠡᠭᠡ | ᠠᠭᠤᠯᠠᠨ ᠳᠤ ᠲᠦᠪᠯᠡᠨ᠎ᠡ᠃ ᠴᠢᠭᠤᠯᠤᠯᠳᠤ ᠬᠠᠭᠠᠯᠭ᠎ᠠ ᠠᠴᠠ ᠪᠠᠷᠠᠭᠤᠨ ᠬᠤᠶᠢᠰᠢ ᠭᠤᠷᠪᠠᠨ ᠵᠠᠭᠤ ᠬᠤᠷᠢᠨ | ᠭᠠᠵᠠᠷ ᠲᠤ ᠪᠤᠢ᠃ ᠵᠡᠬᠦᠨ ᠡᠮᠦᠨᠡᠰᠢ ᠨᠡᠶᠢᠰᠯᠡᠯ ᠠᠴᠠ ᠲᠤᠯᠤᠭᠠᠨ ᠵᠠᠭᠤ ᠵᠢᠷᠠᠨ ᠭᠠᠵᠠᠷ ᠵᠠᠶᠢᠳᠠᠢ᠃ ᠮᠠᠯ ᠤᠨ | ᠪᠡᠯᠴᠢᠬᠡᠷ ᠨᠢ ᠴᠢᠭᠤᠯᠤᠯᠳᠤ ᠬᠠᠭᠠᠯᠭ᠎ᠠ ᠠᠴᠠ ᠪᠠᠷᠠᠭᠤᠨ ᠬᠤᠶᠢᠰᠢ ᠬᠠᠷ᠎ᠠ ᠤᠨᠠᠭᠠᠨ ᠠᠭᠤᠯᠠ ᠶᠢᠨ ᠡᠮᠦᠨ᠎ᠡ ᠪᠤᠢ᠃ | ᠵᠡᠬᠦᠨᠰᠢ ᠬᠦᠪᠡᠬᠡᠳᠦ ᠰᠢᠷ᠎ᠠ ᠬᠤᠰᠢᠭᠤ᠂ ᠪᠠᠷᠠᠭᠤᠨᠰᠢ ᠬᠦᠯᠦ ᠤᠯᠠᠭᠠᠨ ᠬᠤᠰᠢᠭᠤ ᠲᠠᠢ ᠲᠤᠰ ᠲᠤᠰ ᠬᠦᠷᠰᠢᠯᠡᠵᠦ᠂ | ᠡᠮᠦᠨᠡᠰᠢ ᠬᠠᠭᠤᠷᠠᠢ ᠵᠠᠮ ᠤᠨ ᠴᠡᠷᠢᠭ ᠤᠨ ᠶᠠᠮᠤᠨ ᠤ ᠪᠠᠷᠠᠭᠤᠨ ᠭᠠᠷ ᠮᠠᠯᠵᠢᠯ ᠤᠨ ᠲᠠᠯᠠᠪᠠᠢ᠂ ᠬᠤᠶᠢᠰᠢ ᠪᠠᠨ | ᠲᠦᠷᠪᠡᠨ ᠭᠡᠤᠭᠡᠳ ᠤᠨ ᠬᠤᠰᠢᠭᠤ ᠲᠠᠢ ᠵᠠᠬ᠎ᠠ ᠨᠡᠶᠢᠯᠡᠨ᠎ᠡ᠃ ᠦᠷᠭᠡᠨ ᠢᠶᠠᠷ ᠵᠠᠭᠤ ᠠᠷᠪᠠᠨ ᠭᠠᠵᠠᠷ᠂ ᠤᠷᠳᠤ ᠪᠠᠷ | ᠵᠠᠭᠤ ᠨᠠᠶᠠᠨ ᠭᠠᠵᠠᠷ᠃ | ᠬᠦᠪᠡᠭᠡᠳᠦ ᠤᠯᠠᠭᠠᠨ ᠬᠤᠰᠢᠭᠤ᠄ ᠪᠦᠷᠢᠨᠪᠤᠯᠠᠭ ᠲᠤ ᠲᠦᠪᠯᠡᠨ᠎ᠡ᠃ ᠴᠢᠭᠤᠯᠤᠯᠳᠤ ᠬᠠᠭᠠᠯᠭ᠎ᠠ ᠠᠴᠠ | ᠪᠠᠷᠠᠭᠤᠨ ᠬᠤᠶᠢᠰᠢ ᠲᠦᠷᠪᠡᠨ ᠵᠠᠭᠤ ᠬᠤᠷᠢᠨ ᠭᠠᠵᠠᠷ ᠲᠤ ᠪᠤᠢ᠃ ᠵᠡᠬᠦᠨ ᠡᠮᠦᠨᠡᠰᠢ ᠨᠡᠶᠢᠰᠯᠡᠯ ᠠᠴᠠ ᠨᠠᠢᠮᠠᠨ ᠵᠠᠭᠤ | ᠭᠤᠴᠢᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᠱᠠᠨ ᠰᠢ ᠶᠢᠨ ᠲᠤᠤ ᠯᠢᠨ ᠤ ᠵᠡᠬᠦᠨ ᠬᠤᠶᠢᠨ᠎ᠡ ᠲᠠᠭ᠎ᠠ ᠶᠢᠨ | ᠨᠠᠭᠤᠷ ᠤᠷᠴᠢᠮ ᠳᠤ ᠪᠤᠢ᠃ ᠵᠡᠬᠦᠨᠰᠢ ᠬᠦᠯᠦ ᠤᠯᠠᠭᠠᠨ ᠬᠤᠰᠢᠭᠤ᠂ ᠪᠠᠷᠠᠭᠤᠨᠰᠢ ᠬᠦᠪᠡᠬᠡᠳᠦ ᠬᠦᠬᠡ ᠬᠤᠰᠢᠭᠤ ᠲᠠᠢ | ᠬᠦᠷᠰᠢᠯᠡᠵᠦ᠂ ᠡᠮᠦᠨᠡᠰᠢ ᠤᠳᠤ ᠶᠢᠨ ᠹᠧᠩ ᠵᠧᠨ᠂ ᠬᠤᠶᠢᠰᠢ ᠲᠦᠷᠪᠡᠨ ᠬᠡᠤᠭᠡᠳ ᠤᠨ ᠬᠤᠰᠢᠭᠤ ᠲᠠᠢ ᠵᠠᠬ᠎ᠠ | ᠨᠡᠶᠢᠯᠡᠨ᠎ᠡ᠃ ᠦᠷᠭᠡᠨ ᠢᠶᠠᠷ ᠢᠶᠠᠨ ᠲᠠᠪᠢᠨ ᠭᠠᠵᠠᠷ᠂ ᠤᠷᠳᠤ ᠪᠠᠷ ᠬᠤᠶᠠᠷ ᠵᠠᠭᠤᠨ ᠭᠠᠵᠠᠷ᠃ | ᠬᠦᠯᠦ ᠤᠯᠠᠭᠠᠨ ᠬᠤᠰᠢᠭᠤ᠄ ᠭᠤᠷᠪᠠᠨ ᠲᠤᠯᠤᠭᠠᠢ ᠠᠭᠤᠯᠠᠨ ᠳᠤ ᠲᠦᠪᠯᠡᠨ᠎ᠡ᠃ ᠴᠢᠭᠤᠯᠤᠯᠳᠤ | ᠬᠠᠭᠠᠯᠭ᠎ᠠ ᠠᠴᠠ ᠪᠠᠷᠠᠭᠤᠨ ᠬᠤᠶᠢᠰᠢ ᠭᠤᠷᠪᠠᠨ ᠵᠠᠭᠤ ᠲᠠᠯᠠᠨ ᠭᠠᠵᠠᠷ ᠲᠤ ᠪᠤᠢ᠃ ᠵᠡᠬᠦᠨ ᠡᠮᠦᠨᠡᠰᠢ ᠨᠡᠶᠢᠰᠯᠡᠯ ᠠᠴᠠ | ᠨᠠᠢᠮᠠᠨ ᠵᠠᠭᠤᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᠱᠠᠨ ᠰᠢ ᠶᠢᠨ ᠲᠤᠤ ᠯᠢᠨ ᠲᠢᠩᠬᠢᠮ ᠠᠴᠠ ᠵᠡᠬᠦᠨ | ᠬᠤᠶᠢᠨ᠎ᠠ ᠬᠢᠬᠡᠷᠢ ᠨᠠᠭᠤᠷ ᠢᠶᠠᠷ ᠪᠤᠢ᠃ ᠵᠡᠬᠦᠨᠰᠢ ᠬᠦᠯᠦ ᠰᠢᠷ᠎ᠡ᠂ ᠪᠠᠷᠠᠭᠤᠨᠰᠢ ᠬᠦᠪᠡᠬᠡᠳᠦ ᠤᠯᠠᠭᠠᠨ ᠬᠤᠰᠢᠭᠤ ᠲᠠᠢ | ᠬᠦᠷᠰᠢᠯᠡᠵᠦ᠂ ᠡᠮᠦᠨᠡᠰᠢ ᠬᠠᠭᠤᠷᠠᠢ ᠵᠠᠮ ᠤᠨ ᠴᠡᠷᠢᠭ ᠤᠨ ᠶᠠᠮᠤᠨ ᠤ ᠪᠠᠷᠠᠭᠤᠨ ᠭᠠᠷ ᠮᠠᠯᠵᠢᠯ ᠤᠨ ᠲᠠᠯᠠᠪᠠᠢ᠂ | ᠬᠤᠶᠢᠰᠢ ᠲᠦᠷᠪᠡᠨ ᠭᠡᠤᠭᠡᠳ ᠤᠨ ᠬᠤᠰᠢᠭᠤ ᠲᠠᠢ ᠵᠠᠬ᠎ᠠ ᠨᠡᠶᠢᠯᠡᠨ᠎ᠡ᠃ ᠦᠷᠭᠡᠨ ᠢᠶᠠᠷ ᠲᠠᠪᠢᠨ ᠲᠠᠪᠤᠨ ᠭᠠᠵᠠᠷ᠂ | ᠤᠷᠳᠤ ᠪᠠᠷ ᠬᠤᠶᠠᠷ ᠵᠠᠭᠤ ᠨᠠᠶᠠᠨ ᠭᠠᠵᠠᠷ ᠪᠠᠶᠢᠳᠠᠭ᠃ | ᠬᠦᠪᠡᠬᠡᠳᠦ ᠴᠠᠭᠠᠨ ᠬᠤᠰᠢᠭᠤ᠄ ᠪᠤᠶᠠᠨ ᠠᠬᠠᠢ ᠶᠢᠨ ᠰᠦᠮ᠎ᠡ ᠳᠤ ᠲᠦᠪᠯᠡᠨ᠎ᠡ᠃ ᠦᠷᠦᠭᠡᠰᠦᠨ ᠴᠢᠯᠠᠭᠤᠨ | ᠠᠮᠠ ᠠᠴᠠ ᠪᠠᠷᠠᠭᠤᠨ ᠬᠤᠶᠢᠰᠢ ᠬᠤᠶᠠᠷ ᠵᠠᠭᠤ ᠲᠦᠴᠢᠨ ᠲᠠᠪᠤᠨ ᠭᠠᠵᠠᠷ᠂ ᠵᠡᠬᠦᠨ ᠡᠮᠦᠨᠡᠰᠢ ᠨᠡᠶᠢᠰᠯᠡᠯ ᠠᠴᠠ | ᠲᠤᠯᠤᠭᠠᠨ ᠵᠠᠭᠤ ᠲᠠᠯᠠᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᠦᠷᠦᠭᠡᠰᠦᠨ ᠴᠢᠯᠠᠭᠤᠨ ᠬᠠᠭᠠᠯᠭ᠎ᠠ | ᠲᠢᠩᠬᠢᠮ ᠠᠴᠠ ᠪᠠᠷᠠᠭᠤᠨ ᠬᠤᠶᠢᠰᠢ ᠪᠤᠢ᠂ ᠵᠡᠬᠦᠨ ᠪᠠ ᠡᠮᠦᠨ᠎ᠡ ᠪᠠᠨ ᠬᠠᠭᠤᠷᠠᠢ ᠵᠠᠮ ᠤᠨ ᠴᠡᠷᠢᠭ ᠤᠨ ᠶᠠᠮᠤᠨ ᠤ | ᠮᠠᠯᠵᠢᠯ ᠤᠨ ᠲᠠᠯᠠᠪᠠᠢ ᠲᠠᠢ ᠵᠠᠬ᠎ᠠ ᠨᠡᠶᠢᠯᠡᠵᠦ᠂ ᠪᠠᠷᠠᠭᠤᠨᠰᠢ ᠪᠠᠨ ᠬᠦᠯᠦ ᠴᠠᠭᠠᠨ ᠬᠤᠰᠢᠭᠤ᠂ ᠬᠤᠶᠢᠰᠢ ᠪᠠᠨ ᠬᠦᠯᠦ | ᠬᠦᠬᠡ ᠬᠤᠰᠢᠭᠤ ᠲᠠᠢ ᠵᠠᠬ᠎ᠠ ᠨᠡᠶᠢᠯᠡᠨ᠎ᠡ᠂ ᠦᠷᠭᠡᠨ ᠢᠶᠠᠷ ᠲᠠᠪᠢᠨ ᠵᠢᠷᠭᠤᠭᠠᠨ ᠭᠠᠵᠠᠷ᠂ ᠤᠷᠳᠤ ᠪᠠᠷ ᠵᠠᠭᠤ ᠶᠡᠷᠡᠨ | ᠲᠤᠯᠤᠭᠠᠨ ᠭᠠᠵᠠᠷ᠃ | ᠬᠦᠯᠦ ᠴᠠᠭᠠᠨ ᠬᠤᠰᠢᠭᠤ᠄ ᠪᠤᠯᠬᠠᠳᠠᠢ ᠳᠤ ᠲᠦᠪᠯᠡᠨ᠎ᠡ᠃ ᠦᠷᠦᠭᠡᠰᠦᠨ ᠴᠢᠯᠠᠭᠤᠨ ᠬᠠᠭᠠᠯᠭ᠎ᠠ ᠠᠴᠠ | ᠪᠠᠷᠠᠭᠤᠨ ᠬᠤᠶᠢᠰᠢ ᠬᠤᠶᠠᠷ ᠵᠠᠭᠤ ᠶᠡᠷᠡᠨ ᠭᠠᠵᠠᠷ᠂ ᠨᠡᠶᠢᠰᠯᠡᠯ ᠬᠤᠳᠠ ᠠᠴᠠ ᠨᠠᠢᠮᠠᠨ ᠵᠠᠭᠤ ᠬᠤᠷᠢᠨ ᠭᠠᠵᠠᠷ ᠵᠠᠶᠢᠳᠠᠢ | ᠃ ᠮᠠᠯ ᠤᠨ ᠪᠡᠯᠴᠢᠬᠡᠷ ᠨᠢ ᠦᠷᠦᠭᠡᠰᠦᠨ ᠴᠢᠯᠠᠭᠤᠨ ᠬᠠᠭᠠᠯᠭ᠎ᠠ ᠲᠢᠩᠬᠢᠮ ᠤᠨ ᠵᠠᠬᠢᠷᠭ᠎ᠠ ᠠᠴᠠ ᠪᠠᠷᠠᠭᠤᠨ ᠬᠤᠶᠢᠰᠢ | ᠪᠤᠢ᠃ ᠵᠡᠬᠦᠨ ᠪᠠ ᠬᠤᠶᠢᠳᠤ ᠪᠡᠶ᠎ᠡ ᠪᠠᠷ ᠬᠦᠪᠡᠬᠡᠳᠦ ᠴᠠᠭᠠᠨ ᠲᠠᠢ ᠵᠠᠬ᠎ᠠ ᠨᠡᠶᠢᠯᠡᠵᠦ᠂ ᠪᠠᠷᠠᠭᠤᠨ ᠪᠠ ᠡᠮᠦᠨᠡᠬᠦᠷ ᠢᠶᠠᠨ | ᠬᠦᠪᠡᠬᠡᠳᠦ ᠰᠢᠷ᠎ᠠ ᠲᠠᠢ ᠵᠠᠬ᠎ᠠ ᠨᠡᠶᠢᠯᠡᠨ᠎ᠡ᠃ ᠦᠷᠭᠡᠨ ᠢᠶᠠᠷ ᠲᠠᠯᠠᠨ ᠨᠠᠢᠮᠠᠨ ᠭᠠᠵᠠᠷ᠂ ᠤᠷᠳᠤ ᠪᠠᠷ ᠬᠤᠶᠠᠷ ᠵᠠᠭᠤ | ᠶᠡᠷᠡᠨ ᠲᠠᠪᠤᠨ ᠭᠠᠵᠠᠷ ᠪᠠᠶᠢᠳᠠᠭ᠃ | ᠬᠦᠪᠡᠬᠡᠳᠦ ᠬᠦᠬᠡ ᠬᠤᠰᠢᠭᠤ᠄ ᠠᠪᠬᠠᠨ ᠬᠠᠷ᠎ᠠ ︵ᠬᠢᠳᠡᠳ ᠢᠶᠠᠷ ᠮᠠᠩ ᠬᠠᠨ ᠱᠠᠨ︶ ᠳᠤ ᠲᠦᠪᠯᠡᠨ᠎ᠡ᠃ | ᠱᠦᠷᠭᠡᠢ ᠴᠢᠯᠠᠭᠤᠨ ᠬᠠᠭᠠᠯᠭ᠎ᠠ ᠠᠴᠠ ᠵᠡᠬᠦᠨ ᠬᠤᠶᠢᠰᠢ ᠶᠡᠷᠡᠨ ᠭᠠᠵᠠᠷ᠂ ᠵᠡᠬᠦᠨ ᠡᠮᠦᠨᠡᠰᠢ ᠨᠡᠶᠢᠰᠯᠡᠯ ᠠᠴᠠ ᠮᠢᠩᠭᠠᠨ | ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᠱᠠᠨ ᠰᠢ ᠶᠢᠨ ᠨᠢᠩ ᠶᠤᠸᠠᠨ ᠲᠢᠩᠬᠢᠮ ᠠᠴᠠ ᠬᠤᠶᠢᠳᠤ ᠵᠦᠭ ᠲᠤ ᠪᠤᠢ᠃ | ᠵᠡᠬᠦᠨᠰᠢ ᠬᠦᠪᠡᠬᠡᠳᠦ ᠤᠯᠠᠭᠠᠨ ᠬᠤᠰᠢᠭᠤ᠂ ᠪᠠᠷᠠᠭᠤᠨᠰᠢ ᠱᠠᠨ ᠰᠢ᠂ ᠬᠦᠬᠡᠬᠤᠳᠠ᠂ ᠡᠮᠦᠨᠡᠰᠢ ᠲᠠᠶᠢᠲ᠋ᠦ᠋ᠩ᠂ | ᠬᠤᠶᠢᠰᠢ ᠲᠦᠷᠪᠡᠨ ᠬᠡᠤᠭᠡᠳ ᠤᠨ ᠬᠤᠰᠢᠭᠤ ᠲᠠᠢ ᠵᠠᠭᠠᠭᠯᠠᠨ᠎ᠠ᠃ ᠦᠷᠭᠡᠨ ᠢᠶᠠᠷ ᠵᠠᠭᠤ ᠠᠷᠪᠠᠨ ᠲᠠᠪᠤᠨ ᠭᠠᠵᠠᠷ᠂ | ᠤᠷᠳᠤ ᠪᠠᠷ ᠵᠠᠭᠤ ᠵᠢᠷᠡᠨ ᠭᠠᠵᠠᠷ ᠪᠠᠶᠢᠳᠠᠭ᠃ | ᠬᠦᠯᠦ ᠬᠦᠬᠡ ᠬᠤᠰᠢᠭᠤ᠄ ᠵᠢᠭᠠᠰᠤᠳᠠᠢ ᠨᠠᠭᠤᠷ ᠲᠤ ᠲᠦᠪᠯᠡᠨ᠎ᠡ᠃ ᠦᠷᠦᠭᠡᠰᠦᠨ ᠴᠢᠯᠠᠭᠤᠨ | ᠬᠠᠭᠠᠯᠭ᠎ᠠ ᠠᠴᠠ ᠵᠡᠬᠦᠨ ᠬᠤᠶᠢᠰᠢ ᠭᠤᠷᠪᠠᠨ ᠵᠠᠭᠤ ᠵᠢᠷᠠᠨ ᠭᠠᠵᠠᠷ ᠲᠤ ᠪᠤᠢ᠃ ᠡᠮᠦᠨᠡᠰᠢ ᠨᠡᠶᠢᠰᠯᠡᠯ ᠬᠤᠳᠠᠨ ᠠᠴᠠ | ᠵᠠᠭᠤ ᠶᠡᠷᠡᠨ ᠭᠠᠵᠠᠷ ᠵᠠᠶᠢᠳᠠᠢ᠃ ᠮᠠᠯ ᠤᠨ ᠪᠡᠯᠴᠢᠬᠡᠷ ᠨᠢ ᡁᠢ ᠯᠢ ᠶᠢᠨ ᠦᠷᠦᠭᠡᠰᠦᠨ ᠴᠢᠯᠠᠭᠤᠨ ᠬᠠᠭᠠᠯᠭ᠎ᠠ ᠲᠢᠩᠬᠢᠮ | ᠠᠴᠠ ᠬᠤᠶᠢᠰᠢ ᠪᠤᠢ᠃ ᠵᠡᠬᠦᠨᠰᠢ ᠬᠡᠰᠢᠭᠳᠡᠨ᠂ ᠪᠠᠷᠠᠭᠤᠨᠰᠢ ᠬᠦᠪᠡᠬᠡᠳᠦ ᠴᠠᠭᠠᠨ᠂ ᠡᠮᠦᠨᠡᠰᠢ ᠲᠤᠳᠤᠭᠠᠳᠤ ᠭᠡᠷᠡᠭ ᠢ | ᠪᠦᠬᠦᠳᠡ ᠵᠠᠬᠢᠷᠬᠤ ᠶᠠᠮᠤᠨ ᠤ ᠬᠦᠯᠦ ᠴᠠᠭᠠᠨ ᠬᠤᠨᠢᠨ ᠰᠦᠷᠦᠭ ᠮᠠᠯᠵᠢᠯ ᠤᠨ ᠲᠠᠯᠠᠪᠠᠢ᠂ ᠬᠤᠶᠢᠰᠢ ᠠᠪᠠᠭ᠎ᠠ ᠵᠡᠬᠦᠨ | ᠭᠠᠷ ᠬᠤᠰᠢᠭᠤ ᠲᠠᠢ ᠵᠠᠬ᠎ᠠ ᠨᠡᠶᠢᠯᠡᠨ᠎ᠡ᠃ ᠦᠷᠭᠡᠨ ᠢᠶᠠᠷ ᠢᠶᠠᠨ ᠬᠤᠶᠠᠷ ᠵᠠᠭᠤ ᠵᠢᠷᠠᠨ ᠲᠠᠪᠤᠨ ᠭᠠᠵᠠᠷ᠂ ᠤᠷᠳᠤ ᠪᠠᠷ | ᠢᠶᠠᠨ ᠶᠡᠷᠡᠨ ᠲᠠᠪᠤᠨ ᠭᠠᠵᠠᠷ ᠪᠠᠶᠢᠳᠠᠭ᠃ | | | ᠢᠷᠡᠯᠲᠡ᠄ ᠤᠯᠠᠭᠠᠨᠴᠠᠪ ᠤᠨ ᠰᠤᠨᠢᠨ |